摘要 |
《ᠨᠠᠬᠤ ᠬᠤᠨ ᠤ ᠬᠤᠳᠬᠤᠯᠳᠤᠭᠠᠨ》 ᠪᠣᠯ ᠮᠣᠩᠭᠤᠯ ᠤᠨ ᠡᠷᠲᠡᠨ ᠤ ᠤᠷᠠᠨ ᠵᠣᠬᠢᠶᠠᠯ ᠤᠨ ᠲᠡᠦᠬᠡᠨᠠ ᠭᠡᠷᠡᠯ ᠰᠠᠴᠤᠷᠠᠩᠭᠤᠢ ᠬᠦᠷᠢᠶ ᠠ ᠲᠤᠷᠠᠰᠬᠠᠯ ᠪᠣᠯᠬᠤ ᠮᠦᠷᠲᠡᠭᠡᠨ ᠮᠣᠩᠭᠤᠯ ᠦᠨᠳᠦᠰᠦᠲᠡᠨ ᠤ ᠤᠷᠠᠨ ᠵᠣᠬᠢᠶᠠᠯ ᠤᠨ ᠭᠤᠷᠪᠠᠨ ᠣᠷᠬᠢᠯ ᠤᠨ ᠨᠢᠭᠡ ᠪᠣᠯᠬᠤ《ᠨᠢᠭᠤᠴᠠ ᠲᠤᠪᠴᠢᠶᠠᠨ》 ᠳ᠋ᠤ ᠲᠡᠮᠳᠡᠭᠯᠡᠭᠰᠳᠡᠭᠰᠡᠨ ᠨᠢᠭᠡᠨ ᠤᠳᠠᠭᠠᠨ ᠤ ᠲᠠᠢᠨ ᠪᠠᠢᠯᠳᠤᠭᠠᠨ ᠮᠦᠨ᠃ᠪᠠᠰᠠᠴᠦ 13 ᠳ᠋ᠤᠭᠠᠷ ᠵᠠᠭᠤᠨ ᠤ ᠦᠶ ᠡ ᠶᠢᠨ ᠮᠣᠩᠭᠤᠯ ᠠᠢᠮᠠᠭ ᠤᠨ ᠬᠠᠨ ᠬᠦᠪᠡᠭᠦᠨ ᠲᠠᠮᠦᠵᠢᠨ ᠡᠴᠡ ᠮᠣᠩᠭᠤᠯ ᠤᠨ ᠦᠨᠳᠦᠷᠯᠢᠭ ᠲᠦ ᠤᠷᠤᠰᠢᠨ ᠠᠮᠢᠳᠤᠷᠠᠵᠤ ᠪᠠᠢᠭᠰᠠᠨ ᠤᠯᠠᠨ ᠠᠢᠮᠠᠭ ᠤᠭᠰᠠᠭᠠᠲᠠᠨ ᠢ ᠨᠢᠭᠡᠨ ᠵᠢᠯᠤᠭᠤᠨ ᠳ᠋ᠠᠭᠠᠨ ᠬᠤᠷᠢᠶᠠᠨ ᠨᠢᠭᠡᠳᠭᠡᠭᠰᠡᠨ ᠬᠠᠮᠤᠭ ᠰᠡᠭᠦᠯᠴᠢ ᠶᠢᠨ ᠨᠢᠭᠡᠨ ᠤᠳᠠᠭᠠᠨ ᠤ ᠲᠤᠯᠤᠯᠳᠤᠭᠠᠨ ᠪᠣᠯᠬᠤ ᠪᠠ ᠨᠡᠨ ᠨᠢ 1204 ᠣᠨ ᠳ᠋ᠤ ᠶᠠᠪᠤᠭᠳᠠᠭᠰᠠᠨ ᠶᠣᠮ᠃ ᠡᠨᠡᠬᠦ ᠲᠡᠦᠬᠡᠲᠦ ᠦᠢᠯᠡ ᠬᠡᠷᠡᠭ ᠢ 《ᠨᠢᠭᠤᠴᠠ ᠲᠤᠪᠴᠢᠶᠠᠨ》 ᠳ᠋ᠤ ᠤᠷᠠᠨ ᠵᠣᠬᠢᠶᠠᠯ ᠤᠨ ᠡᠭᠦᠳᠡᠨ ᠡᠴᠡ ᠢᠷᠭᠤᠢ ᠰᠠᠢᠠᠬᠨ《ᠠᠮᠢᠳᠤ ᠵᠢᠷᠤᠭᠯᠠᠯ》 ᠪᠣᠯᠭᠠᠨ ᠲᠡᠯᠭᠡᠪᠡ᠃ ᠡᠬᠦᠨ ᠢ ᠠᠮᠢᠯᠠᠭᠤᠯᠤᠨ ᠴᠢᠳᠠᠭᠰᠠᠨ ᠵᠠᠩᠭᠢᠯᠭ᠎ᠠ ᠨᠢ ᠲᠡᠭᠦᠨ ᠤ ᠬᠡᠯᠡᠯᠭᠡ ᠶᠢᠨ ᠦᠪᠡᠷᠮᠢᠴᠡ ᠰᠢᠨᠵᠢ ᠳ᠋ᠤ ᠪᠤᠢ᠃ |