摘要 |
《ᠠᠭᠠᠷ ᠤᠨ ᠵᠤᠯᠠ ᠨᠠᠷᠠ᠂ ᠠᠷᠠᠳ ᠤᠨ ᠵᠤᠯᠠ ᠨᠠᠮ》ᠭᠡᠵᠦ ᠮᠠᠨ ᠤ ᠮᠣᠩᠭᠤᠯᠴᠤᠳ ᠴᠡᠴᠡᠨ ᠵᠦᠢᠷᠯᠠᠨ ᠭᠡᠯᠡᠳᠡᠭ ᠶᠤᠮᠰᠠᠨ᠃ ᠠᠭᠤᠤ ᠨᠠᠮ ᠤᠨ ᠤᠳᠤᠷᠢᠳᠤᠯᠭ᠎ᠠ ᠶᠢᠨ ᠲᠤᠤᠷ ᠠ ᠠᠷᠠᠳ ᠲᠦᠮᠡᠨ ᠴᠢᠯᠦᠭᠡᠯᠡᠭᠳᠡᠵᠦ᠂ ᠡᠷᠬᠡ ᠴᠢᠯᠦᠭᠡ ᠪᠠᠨ ᠤᠯᠵᠤ ᠡᠵᠡᠨ ᠮᠡᠳᠡᠵᠦ ᠡᠩᠬᠡ ᠲᠠᠢᠪᠤᠩ ᠠᠮᠢᠳᠤᠷᠠᠯ ᠢ ᠡᠳ᠋ᠯᠡᠭᠰᠡᠭᠡᠷ ᠭᠤᠴᠢᠭᠠᠳ ᠵᠢᠯ ᠤᠨ ᠨᠢᠭᠤᠷ ᠢ ᠦᠵᠡᠯ ᠡ᠃ ᠭᠤᠴᠢᠭᠠᠳ ᠵᠢᠯ ᠤᠨ ᠲᠤᠷᠰᠢ᠂ ᠨᠠᠮ ᠤᠨ ᠦᠨᠳᠦᠰᠦᠲᠡᠨ ᠤ ᠲᠣᠬᠠᠢ ᠲᠦᠷᠦ ᠶᠢᠨ ᠪᠣᠳᠤᠯᠭ᠎ᠠ ᠶᠢᠨ ᠬᠡᠷᠡᠯᠳᠦᠬᠦᠯᠦᠭᠡ᠂ ᠡᠬᠡ ᠣᠷᠤᠨ ᠤ ᠬᠤᠪᠢᠰᠬᠠᠯ ᠪᠠ ᠪᠦᠲᠦᠭᠡᠨ ᠪᠠᠢᠭᠤᠯᠤᠯᠲᠠ ᠶᠢᠨ ᠲᠠᠪᠰᠢᠯᠲᠠ ᠶᠢᠨ ᠲᠦᠯᠬᠢᠴᠡ ᠪᠠ ᠡᠵᠡᠨ ᠮᠡᠳᠡᠵᠦ ᠡᠷ ᠡ ᠶᠢᠨ ᠴᠢᠳᠠᠯ ᠢᠢᠡᠷ ᠢᠢᠡᠨ ᠴᠢᠷᠮᠠᠢᠵᠤ ᠪᠠᠢᠭ᠎ᠠ ᠠᠷᠠᠳ ᠲᠦᠮᠡᠨ ᠤ ᠵᠢᠳᠬᠦᠯᠭᠡ ᠪᠡᠷ ᠂ᠮᠠᠨ ᠤ ᠣᠷᠤᠨ ᠤ ᠮᠣᠩᠭᠤᠯ ᠬᠡᠯᠡ ᠪᠢᠴᠢᠭ ᠤᠨ ᠠᠵᠢᠯ ᠪᠠᠰᠠ ᠪᠣᠰᠤᠳ ᠠᠵᠢᠯ ᠲᠠᠢ ᠠᠳᠠᠯᠢ ᠬᠢᠯᠠᠯᠵᠠᠭᠰᠠᠨ ᠠᠮᠵᠢᠯᠲᠠ ᠵᠢ ᠤᠯᠠᠵᠢ᠃ |