摘要 |
ᠬᠤᠱᠤᠩᠨᠠᠯ ᠪᠤᠯ ᠭᠤᠤ᠎ᠠ ᠵᠦᠢ ᠶᠢᠨ ᠳᠤᠲᠤᠭᠠᠳᠤ ᠲᠤᠭᠲᠠᠭᠠᠰᠢᠯᠲᠤ ᠴᠢᠨᠠᠷ ᠪᠠ ᠲᠤᠳᠤᠷᠬᠠᠢ ᠵᠤᠷᠢᠯᠭ᠎ᠠ ᠪᠦᠬᠦᠢ ᠤᠳᠬ᠎ᠠ ᠵᠤᠬᠢᠶᠠᠯ ᠤᠨ ᠰᠠᠯᠠᠭ᠎ᠠ ᠪᠤᠯᠤᠨ᠎ᠠ᠃ ᠬᠡᠳᠦᠢ᠌ᠪᠡᠷ ᠡᠮᠭᠡᠨᠢᠯᠲᠦ ᠵᠦᠴᠦᠭᠡ ᠰᠢᠭ᠌ ᠠᠭᠤᠤ ᠰᠦᠷᠯᠢᠭ᠌᠌ ᠬᠦᠦᠷᠨᠢᠮᠵᠢ ᠶᠢ ᠪᠦᠲᠦᠭᠡᠳᠡᠭ ᠦᠭᠡᠢ ᠪᠤᠯᠪᠠᠴᠤ᠂ ᠠᠬᠤᠢ ᠠᠮᠢᠳᠤᠷᠠᠯ ᠲᠠᠢ ᠬᠠᠮᠤᠭ ᠤᠨ ᠣᠢ᠌ᠷ᠎ᠠ ᠪᠦᠭᠡᠳ ᠪᠠᠶᠠᠯᠢᠭ ᠣᠯᠠᠨ ᠠᠭ᠎ᠠ ᠬᠡᠯᠪᠡᠷᠢ᠂ ᠵᠤᠢ᠌ᠯ ᠪᠦᠷᠢ ᠶᠢᠨ ᠬᠦᠭ᠌ ᠠᠶᠠᠰ᠂ ᠲᠡᠭᠦᠰ ᠲᠡᠭᠦᠯᠳᠡᠷ ᠦᠩᠭᠡ ᠪᠤᠳᠤᠭ ᠲᠠᠢ ᠪᠠᠢ᠌ᠳᠠᠭ ᠢᠶᠠᠷ ᠢᠶᠠᠨ ᠦᠶ᠎ᠡ ᠦᠶ᠎ᠡ ᠶᠢᠨ ᠤᠩᠰᠢᠭᠴᠢᠳ ᠤᠨ ᠭᠤᠤ᠎ᠠ ᠰᠤᠨᠢᠷᠬᠠᠯ ᠢ ᠲᠠᠲᠠᠭᠰᠠᠭᠠᠷ ᠢᠷᠡᠵᠡᠢ᠃ ᠬᠤᠱᠤᠩ᠋ᠨᠠᠯ ᠳᠤ ᠠᠷᠠᠳ ᠲᠦᠮᠡᠨ ᠦ ᠠᠪᠬᠠᠯᠵᠢ ᠰᠡᠷᠭᠦᠯᠡᠩ ᠤᠬᠠᠭᠠᠨ ᠪᠢᠯᠢᠭ᠌ ᠰᠢᠩᠭᠡᠵᠦ᠂ ᠮᠠᠭᠤ ᠮᠠᠭᠤᠬᠠᠢ ᠶᠢ ᠦᠭᠡᠢ᠌ᠰᠬᠡᠨ᠂ ᠰᠠᠢ᠌ᠨ ᠰᠠᠢ᠌ᠬᠠᠨ ᠢ ᠬᠦᠭᠡᠭᠡᠴᠡᠯᠳᠦᠰᠡᠨ ᠬᠠᠳᠠᠨ ᠴᠢᠭᠢᠷᠠᠭ ᠰᠦᠰᠦ ᠵᠤᠷᠢᠭ ᠲᠤᠳᠤᠷᠠᠨ ᠢᠯᠡᠷᠡᠵᠦ ᠪᠠᠢ᠌ᠳᠠᠭ᠃ ᠦᠭᠦᠯᠡᠯ ᠳᠦ ᠬᠤᠱᠤᠩ᠋ᠨᠠᠯ ᠤᠨ ᠭᠤᠤ᠎ᠠ ᠵᠦᠢ ᠶᠢᠨ ᠰᠢᠨᠵᠢ ᠪᠡ ᠦᠨᠳᠦᠰᠦᠨ ᠬᠡᠯᠪᠡᠷᠢ ᠶᠢ ᠵᠠᠳᠠᠯᠤᠨ ᠰᠢᠨᠵᠢᠯᠡᠵᠡᠢ᠃ |