摘要 |
《ᠤᠷᠠᠳ ᠤᠨᠮᠡᠷᠭᠡᠨ ᠭᠡᠭᠡᠨ ᠲᠠᠨ》 ᠬᠡᠮᠡᠨ ᠤᠯᠤᠰ ᠤᠨ ᠲᠤᠳᠤᠭᠠᠲᠤ ᠭᠠᠳᠠᠭᠠᠲᠤ ᠳ᠋ᠤ ᠶᠡᠬᠡᠲᠡ ᠠᠯᠳᠠᠷᠰᠢᠭᠰᠠᠨ ᠯᠤᠪᠰᠠᠩᠳᠠᠮᠪᠢᠵᠠᠯᠰᠠᠨ(1717-1766) ᠪᠡᠷ《ᠠᠯᠲᠠᠨ ᠲᠤᠪᠴᠢ》ᠨᠡᠷᠡᠲᠦ ᠱᠠᠰᠳᠢᠷ ᠲᠠᠭᠠᠨ ᠦᠪᠡᠷᠦᠨ ᠤᠯᠤᠰ ᠲᠦᠷᠦ ᠶᠢᠨ ᠵᠠᠤᠭᠰᠤᠯᠲᠠ᠂ ᠶᠢᠷᠲᠢᠨᠴᠦ ᠶᠢᠨ ᠦᠵᠡᠯᠲᠡ ᠪᠠ ᠨᠠᠢᠭᠠᠮ ᠤᠨ ᠤᠬᠠᠮᠰᠠᠷ ᠲᠠᠨᠢᠯᠲᠠ ᠵᠡᠷᠭᠡ ᠪᠠᠨ ᠢᠯᠡ ᠲᠤᠳᠤᠷᠬᠠᠢ ᠲᠤᠰᠬᠠᠵᠤ ᠪᠢᠴᠢᠭᠰᠡᠨ ᠪᠦᠭᠡᠳ ᠲᠤᠰ ᠱᠠᠰᠳᠢᠷ ᠪᠣᠯ 1765ᠣᠨ ᠳ᠋ᠤ ᠵᠣᠬᠢᠠᠶᠠᠭᠳᠠᠨᠰᠠᠨ ᠪᠢᠴᠢᠭ ᠪᠣᠯᠬᠤᠷ᠂ᠡᠨᠡ ᠪᠣᠯ ᠮᠡᠷᠭᠡᠨ ᠭᠡᠭᠡᠨ ᠤ ᠦᠵᠡᠯ ᠰᠠᠨᠠᠭᠠᠨ ᠤ ᠭᠦᠭᠵᠢᠯ ᠬᠤᠪᠢᠷᠠᠯᠲᠠ ᠶᠢᠨ ᠬᠠᠮᠤᠭ ᠡᠴᠦᠰ ᠤᠨ ᠪᠡᠶᠡᠯᠠᠯ ᠪᠣᠶᠤ ᠦᠨᠳᠦᠷᠯᠢᠭ ᠭᠡᠵᠦ ᠤᠢᠯᠠᠭᠠᠵᠤ ᠪᠣᠯᠬᠤ ᠶᠣᠮ᠃ ᠭᠡᠬᠦ ᠳ᠋ᠡᠭᠡᠨ ᠵᠠᠬᠢᠶᠠᠭᠴᠢ ᠮᠣᠩᠭᠤᠯ ᠦᠨᠳᠦᠰᠦᠲᠡᠨ ᠤ ᠪᠠᠨ ᠨᠡᠢᠭᠡᠮ ᠤᠨ ᠬᠦᠭᠵᠢᠯ ᠤᠨ ᠲᠡᠦᠭᠡ ᠵᠢ ᠪᠢᠴᠢᠭᠰᠡᠨ ᠤᠴᠢᠷ᠂ ᠲᠡᠦᠬᠡᠲᠦ ᠦᠢᠯᠡ ᠬᠡᠷᠡᠭ ᠤᠳ ᠢ ᠦᠷᠭᠦᠯᠵᠢᠯᠡᠭᠰᠡᠨ ᠦᠭᠡ ᠶᠢᠨ ᠬᠡᠯᠪᠡᠷᠢ ᠪᠡᠷ ᠲᠦᠭᠦᠮ ᠲᠤᠳᠤ ᠬᠡᠯᠬᠢᠯᠠᠨ ᠲᠡᠮᠳᠡᠭᠯᠡᠵᠦ᠂ ᠦᠪᠡᠷᠦᠨ ᠦᠵᠯᠡᠲᠡ ᠲᠠᠨᠢᠯᠲᠠ᠂ ᠬᠠᠢᠷ ᠠ ᠬᠤᠷᠤᠰᠤᠯ᠂ ᠤᠢᠯᠠᠭᠠᠯᠲᠠ ᠲᠠᠢᠯᠪᠤᠷᠢᠯᠠᠯᠲᠠ ᠵᠡᠷᠭᠡ ᠪᠠᠨ ᠰᠢᠯᠦᠭ ᠤᠨ ᠬᠡᠯᠪᠡᠷᠢ ᠪᠡᠷ ᠢᠯᠡᠳᠭᠡᠭᠡᠳ᠂ ᠵᠣᠬᠢᠶᠠᠯ ᠤᠨ ᠪᠦᠯᠦᠭ ᠪᠦᠷᠢ ᠳ᠋ᠤ ᠰᠢᠩᠭᠡᠭᠡᠵᠦ ᠰᠢᠬᠢᠳᠭᠡᠨ ᠤᠷᠤᠭᠤᠯᠤᠭᠰᠠᠨ ᠪᠠᠢᠨ᠎ᠠ᠃ |