摘要 |
ᠴᠢᠩᠬᠢᠠ ᠬᠠᠭᠠᠨ ᠤ ᠲᠠᠢᠯᠭ᠎ᠠ ᠲᠠᠬᠢᠯᠭ᠎ᠠ ᠶᠢᠨ ᠡᠭᠦᠰᠦᠯ ᠢᠷᠡᠯ ᠬᠢᠭᠡᠳ ᠮᠣᠩᠭᠤᠯᠴᠤᠳ ᠤᠨ ᠡᠪᠦᠭᠡ ᠲᠡᠭᠡᠳᠦᠰ ᠢᠢᠡᠨ ᠲᠠᠬᠢᠬᠤ ᠤᠯᠠᠮᠵᠢᠯᠠᠯᠲᠤ ᠵᠠᠩ ᠦᠢᠯᠡ ᠶᠢᠨ ᠣᠨᠴᠠᠯᠢᠭ ᠵᠡᠷᠭᠡ ᠤᠯᠠᠨ ᠲᠠᠯ ᠠ ᠶᠢᠨ ᠠᠰᠢ ᠪᠠᠷᠢᠮᠲᠠ ᠵᠢ ᠦᠨᠳᠦᠰᠦᠯᠡᠪᠡᠯ᠂ ᠴᠢᠩᠬᠢᠰ ᠬᠠᠭᠠᠨ ᠤ ᠲᠠᠢᠯᠭ᠎ᠠ ᠲᠠᠬᠢᠯᠭ᠎ᠠ ᠨᠢ ᠴᠢᠩᠬᠢᠰ ᠬᠠᠭᠠᠨ ᠤ ᠱᠠᠷᠢᠯ ᠴᠢᠨᠳᠠᠷ ᠢ ᠤᠷᠤᠰᠢᠭᠤᠯᠤᠭᠰᠠᠨ ᠬᠡᠭᠦᠷ ᠣᠩᠭᠤᠨ ᠤ ᠲᠠᠬᠢᠯᠭ᠎ᠠ ᠪᠢᠰᠢ᠂ᠬᠠᠷᠢᠨ ᠴᠢᠩᠬᠢᠰ ᠤ 《ᠰᠦᠨᠡᠰᠦ ᠰᠠᠬᠢᠭᠤ》 ᠪᠣᠶᠤ 《ᠣᠩᠭᠤᠨ ᠰᠢᠲᠦᠭᠡᠨ》 ᠢ ᠤᠷᠤᠰᠢᠭᠤᠯᠤᠭᠰᠠᠨ ᠤᠷᠲᠤ ᠶᠢᠨ ᠲᠠᠢᠯᠭ᠎ᠠ ᠲᠠᠬᠢᠯᠭ᠎ᠠ ᠪᠣᠯᠤᠨ᠎ᠠ᠃《ᠴᠢᠩᠬᠢᠰ ᠬᠠᠭᠠᠨ ᠤ ᠣᠩᠭᠤᠨ》ᠭᠡᠳᠡᠭ ᠨᠡᠷᠡᠢᠳᠦᠯ ᠨᠢᠴᠢᠩᠬᠢᠰ ᠬᠠᠭᠠᠨ ᠤ ᠲᠠᠢᠯᠭ᠎ᠠ ᠲᠠᠬᠢᠯᠭ᠎ᠠ ᠶᠢᠨ ᠰᠣᠶᠣᠯ ᠤᠨ ᠠᠭᠤᠯᠤᠭᠳᠠᠬᠤᠨ ᠤ ᠲᠣᠬᠠᠢ ᠲᠠᠰᠢᠶ ᠠ ᠤᠢᠯᠠᠭᠠᠯᠳᠠ ᠡᠴᠡ ᠪᠣᠯᠤᠭᠰᠠᠨ ᠪᠣᠷᠤᠭᠤ ᠨᠡᠷᠡᠢᠳᠦᠯ ᠪᠣᠯᠬᠤᠷ ᠲᠡᠭᠦᠨ ᠤ 《ᠣᠩᠭᠤᠨ》ᠭᠡᠳᠡᠭ ᠦᠭᠡ ᠵᠢ ᠨᠢ ᠣᠷᠬᠢᠭᠠᠳ ᠤᠤᠯ ᠤᠨ ᠴᠢᠩᠬᠢᠰ ᠬᠠᠭᠠᠨ ᠤ ᠲᠠᠢᠯᠭ᠎ᠠ ᠲᠠᠬᠢᠯᠭ᠎ᠠ ᠶᠢᠨ 《ᠤᠷᠲᠤ》ᠭᠡᠳᠡᠭ ᠨᠡᠷ ᠡ ᠵᠢ ᠨᠢ ᠰᠡᠷᠭᠦᠭᠡᠬᠦ ᠶᠣᠰᠤᠲᠠᠢ᠃ |