摘要 |
ᠦᠭᠦᠯᠡᠯ ᠳ᠋ᠤ ᠬᠠᠭᠤᠴᠢ ᠰᠣᠳᠣᠯᠣᠯ ᠤᠨ ᠰᠣᠳᠤᠯᠭᠠᠨ ᠤ ᠦᠷ ᠡ ᠪᠦᠲᠦᠭᠡᠯ ᠪᠠ ᠡᠷᠲᠡᠨ ᠤ ᠰᠣᠷᠪᠤᠯᠵᠢ ᠪᠢᠴᠢᠭ ᠤᠨ ᠲᠡᠮᠳᠡᠭᠯᠡᠯ ᠤᠳ ᠢ ᠦᠨᠳᠦᠰᠦᠯᠡᠵᠦ᠂ ᠣᠪᠤᠭᠠᠨ ᠤ ᠡᠭᠦᠰᠦᠯᠲᠡ ᠶᠢᠨ ᠲᠣᠬᠠᠢ ᠲᠤᠰᠬᠠᠢ ᠮᠦᠷᠳᠡᠨ ᠰᠣᠳᠤᠯᠵᠤ᠂ ᠦᠪᠡᠷ ᠤᠨ ᠦᠵᠡᠯᠲᠡ ᠪᠠᠨ ᠲᠤᠷᠠᠳᠤᠭᠰᠠᠨ ᠶᠣᠮ᠃ ᠣᠪᠤᠭᠠᠨ ᠲᠠᠬᠢᠯᠭ᠎ᠠ ᠨᠢ ᠬᠠᠮᠤᠭ ᠨᠠᠭᠠᠲᠤ ᠵᠠᠬ ᠠ ᠳ᠋ᠠᠭᠠᠨ ᠬᠠᠭᠤᠴᠢᠨ ᠴᠢᠯᠠᠭᠤᠨ ᠵᠡᠪᠰᠡᠭ ᠤᠨ ᠰᠡᠭᠦᠯᠴᠢ ᠪᠣᠶᠣ ᠰᠢᠨ᠎ᠠ ᠴᠢᠯᠠᠭᠤᠨ ᠵᠡᠪᠰᠡᠭ ᠤᠨ ᠰᠡᠭᠦᠯᠴᠢ ᠪᠣᠶᠣ ᠰᠢᠨ᠎ᠠ ᠴᠢᠠᠯᠭᠤᠨ ᠵᠡᠪᠰᠡᠭ ᠤᠨ ᠦᠶ ᠡ ᠪᠡᠷ᠂ ᠲᠠᠷᠤᠢ ᠬᠦᠮᠦᠨ ᠲᠦᠷᠦᠯᠬᠢᠲᠡᠨ ᠡᠬᠢᠴᠢᠯᠠᠯ ᠤᠨᠨᠡᠢᠭᠡᠮ ᠪᠠᠢᠬᠤ ᠴᠠᠭ ᠦᠶ ᠡ ᠳ᠋ᠤ ᠡᠭᠦᠰᠴᠦ ᠪᠦᠷᠢᠯᠳᠦᠭᠰᠡᠨ ᠪᠢᠯᠡ᠃ ᠡᠨᠡ ᠲᠣᠬᠠᠢ ᠰᠣᠷᠪᠤᠯᠵᠢ ᠪᠢᠴᠢᠭ ᠲᠤ ᠬᠠᠮᠤᠭ ᠲᠦᠷᠦᠭᠦᠨ ᠳ᠋ᠤ ᠲᠤᠳᠤᠷᠬᠠᠢ ᠲᠡᠮᠳᠡᠭᠡᠯᠭᠳᠡᠭᠰᠡᠨ ᠴᠠᠭ ᠦᠶ ᠡ ᠪᠣᠯ ᠤᠮᠠᠷᠠᠲᠤ ᠶᠢᠨ ᠨᠡᠭᠦᠳᠡᠯᠴᠢ ᠦᠨᠳᠦᠰᠦᠲᠡᠨ ᠪᠣᠯᠬᠤ ᠡᠾᠦ᠋ᠩᠨᠤ ᠶᠢᠨ ᠦᠶ ᠣ ᠶᠣᠮ᠃ ᠤᠮᠠᠷᠠᠲᠤ ᠶᠢᠨ ᠨᠡᠭᠦᠳᠡᠯᠴᠢ ᠦᠨᠳᠦᠰᠦᠲᠡᠨ ᠤ ᠠᠳᠠᠯᠢ ᠪᠣᠰᠤ ᠴᠠᠭ ᠦᠶ ᠡ ᠶᠢᠨ ᠨᠡᠢᠭᠡᠮ ᠤᠨ ᠬᠦᠭᠵᠢᠯᠲᠡ ᠪᠣᠯᠤᠨ ᠠᠳᠠᠯᠢ ᠪᠣᠰᠤ ᠴᠠᠭ ᠲᠦᠷᠦ ᠶᠢᠨ ᠨᠣᠶᠠᠷᠬᠠᠯ ᠪᠠ ᠰᠣᠯᠢᠭᠳᠠᠯ ᠤᠨ ᠲᠠᠭᠤᠤ᠂ ᠣᠪᠤᠭᠠᠨ ᠲᠠᠬᠢᠯᠭ᠎ᠠ ᠶᠡᠷᠦ ᠡᠴᠡ ᠪᠠᠨ ᠲᠠᠰᠤᠷᠠᠯᠲᠠ ᠦᠭᠡᠢ ᠤᠯᠠᠮᠵᠢᠠᠯᠭᠲᠠᠨ ᠭᠦᠭᠵᠢᠭᠰᠡᠭᠡᠷ ᠪᠠᠢᠵᠤ᠂ ᠪᠦᠬᠦᠢᠯᠡ ᠨᠡᠭᠦᠳᠡᠯᠴᠢ ᠦᠨᠳᠦᠰᠦᠲᠡᠨ ᠤ ᠴᠢᠬᠤᠯᠠ ᠲᠠᠬᠢᠯᠭ᠎ᠠ ᠶᠢᠨ ᠠᠮᠨᠳᠤᠯ ᠪᠠ ᠰᠣᠶᠣᠯ ᠤᠨ ᠰᠠᠭᠤᠷᠢᠨ ᠭᠠᠵᠠᠷ ᠪᠣᠯᠤᠭᠰᠠᠭᠠᠷ ᠢᠷᠡᠭᠰᠡᠨ ᠶᠣᠮ᠃ ᠡᠢᠮᠦ ᠡᠴᠡ ᠣᠪᠤᠭᠠᠨ ᠤ ᠰᠣᠶᠣᠯ ᠪᠣᠯ ᠮᠣᠩᠭᠤᠯ ᠰᠣᠶᠣᠯ ᠤᠨ ᠲᠦᠪᠯᠡᠷᠡᠩᠭᠦᠢ ᠲᠤᠰᠬᠠᠯ ᠪᠣᠯᠵᠤ᠂ ᠮᠣᠩᠭᠤᠯ ᠰᠣᠶᠣᠯ ᠤᠨ ᠰᠣᠳᠤᠯᠭᠠᠨ ᠤ ᠴᠢᠬᠤᠯᠠ ᠮᠦᠷᠲᠡᠭᠡᠨ ᠲᠤᠮᠤᠬᠠᠨ ᠰᠡᠳᠦᠪ ᠪᠣᠯᠬᠤ ᠨᠢ ᠮᠠᠳᠠᠭ ᠦᠭᠡᠢ᠃ |