摘要 |
ᠮᠠᠨ ᠤ ᠠᠭᠤᠤ ᠶᠡᠬᠡ ᠤᠳᠤᠷᠢᠳᠤᠭᠴᠢ ᠮᠠᠤ ᠲᠡᠷᠢᠭᠦᠯᠺᠡᠭᠴᠢ ᠡᠴᠡ ᠴᠧᠨ ᠢ ᠨᠦᠬᠦᠷ ᠲᠦ ᠦᠭᠦᠭᠰᠡᠨ ᠵᠠᠬᠢᠳᠠᠯ ᠳᠠᠭᠠᠨ ᠤᠳᠬ᠎ᠠ ᠤᠷᠠᠯᠢᠭ ᠤᠨ ᠵᠤᠬᠢᠶᠠᠨ ᠪᠦᠲᠦᠭᠡᠬᠦ ᠳᠦ 《ᠳᠦᠷᠰᠦᠯᠢᠭ ᠰᠡᠳᠬᠢᠭᠦᠢ ᠬᠡᠷᠡᠭᠲᠡᠢ》 ᠭᠡᠵᠦ ᠲᠤᠳᠤᠷᠬᠠᠢ ᠵᠢᠭᠠᠪᠠ᠃ ᠤᠷᠠᠨ ᠰᠡᠳᠬᠢᠬᠦ ᠪᠤᠯ ᠤᠳᠬ᠎ᠠ ᠤᠷᠠᠯᠢᠭᠴᠢ ᠶᠢᠨ ᠵᠤᠬᠢᠶᠠᠨ ᠪᠦᠲᠦᠭᠡᠬᠦ ᠶᠠᠪᠤᠴᠠ ᠳᠠᠬᠢ ᠰᠡᠳᠬᠢᠭᠦᠢ ᠶᠢᠨ ᠣᠨᠴᠤᠭᠤᠢ ᠠᠵᠢᠯᠯᠠᠭ᠎ᠠ ᠮᠦᠨ᠃ ᠭᠡᠪᠡᠴᠦ᠂ 《ᠳᠦᠷᠰᠦᠯᠢᠭ ᠰᠡᠳᠬᠢᠭᠦᠢ》 ᠶᠢᠨ ᠤᠬᠠᠭᠳᠠᠬᠤᠨ ᠤ ᠲᠤᠬᠠᠢ᠂ ᠮᠠᠨ ᠤ ᠤᠯᠤᠰ ᠤᠨ ᠤᠳᠬ᠎ᠠ ᠤᠷᠠᠯᠢᠭ ᠪᠠ ᠭᠦᠨ ᠤᠬᠠᠭᠠᠨ ᠤ ᠬᠦᠷᠢᠶᠡᠨ ᠳᠦ ᠲᠠᠪᠢ ᠠᠴᠠ ᠵᠢᠷᠠᠭᠠᠳ ᠣᠨ ᠤ ᠬᠤᠭᠤᠷᠤᠨᠳᠤ᠂ ᠤᠳᠬ᠎ᠠ ᠤᠷᠠᠯᠢᠭᠴᠢ ᠠᠴᠠ ᠤᠷᠠᠨ ᠪᠦᠲᠦᠭᠡᠯ ᠢᠶᠡᠷ ᠢᠶᠡᠨ ᠳᠠᠮᠵᠢᠵᠤ ᠪᠤᠳᠠᠲᠤ ᠠᠮᠢᠳᠤᠷᠠᠯ ᠢ ᠳᠤᠰᠬᠠᠬᠤ ᠳᠠᠭᠠᠨ ᠭᠦᠨ ᠤᠬᠠᠭᠠᠨᠴᠢ ᠪᠠ ᠠᠵᠤ ᠠᠬᠤᠢ ᠶᠢᠨ ᠤᠬᠠᠭᠠᠨᠴᠢ ᠠᠴᠠ ᠠᠳᠠᠯᠢ ᠪᠤᠰᠤ ᠬᠡᠯᠪᠡᠷᠢ ᠪᠡᠷ ᠰᠡᠳᠬᠢᠵᠦ ᠪᠠᠢᠬᠤ ᠡᠰᠡᠭᠦ᠂ ᠦᠭᠡᠷ᠎ᠡ ᠪᠡᠷ ᠬᠡᠯᠡᠪᠡᠯ᠂ ᠬᠦᠮᠦᠨ ᠲᠦᠷᠦᠯᠬᠢᠲᠡᠨ ᠦ ᠪᠤᠳᠠᠲᠤ ᠶᠢᠷᠲᠢᠨᠴᠦ ᠶᠢ ᠲᠠᠨᠢᠬᠤ ᠠᠵᠢᠯᠯᠠᠭ᠎ᠠ ᠳᠤᠮᠳᠠ᠂ ᠳᠦᠷᠰᠦᠯᠢᠭ ᠰᠡᠳᠬᠢᠭᠦᠢ ᠪᠤᠯᠤᠨ ᠬᠡᠶᠢᠰᠪᠦᠷᠢ ᠰᠡᠳᠬᠢᠭᠦᠢ ᠶᠢᠨ ᠠᠯᠢᠨ ᠢᠶᠠᠷ ᠨᠢ ᠰᠡᠳᠬᠢᠵᠦ ᠪᠠᠢᠬᠤ ᠪᠤᠢ? |