题名 |
ᠨᠡᠭᠦᠳᠡᠯ ᠰᠤᠶᠤᠯ ᠤᠨ ᠭᠦᠨ ᠤᠬᠠᠭᠠᠨ ᠦ ᠰᠡᠳᠬᠢᠯᠭᠡᠨ ᠦ ᠬᠦᠪᠦᠷᠡᠯ(ᠬᠤᠶᠠᠷ) |
作者 |
ᠲᠦ᠂ ᠦᠯᠵᠡᠢ ; ᠮᠦ᠂ ᠰᠠᠢ᠌ᠵᠢᠷᠠᠬᠤ |
关键词 |
ᠨᠡᠭᠦᠳᠡᠯ ᠰᠤᠶᠤᠯ ; ᠭᠦᠨ ᠤᠬᠠᠭᠠᠨ; ᠰᠡᠳᠬᠢᠬᠦᠢ |
摘要 |
ᠡᠨᠡᠬᠦ ᠥᠭᠥᠯᠡᠯ ᠳᠤ ᠂ ᠨᠡᠭᠦᠳᠡᠯ ᠰᠤᠶᠤᠯ ᠤᠨ ᠳᠦᠭᠡᠮᠡᠯ ᠠᠷᠭ᠎ᠠ ᠵᠦᠢ ᠶᠢᠨ ᠦᠨᠳᠦᠰᠦᠨ ᠲᠤᠭᠳᠠᠯᠴᠠᠭ᠎ᠠ᠂ ᠨᠡᠳᠭᠦᠳᠡᠯ ᠰᠤᠶᠤᠯ ᠤᠨ ᠦᠨᠳᠦᠰᠦ ᠭᠠᠷᠪᠠᠯᠢ ᠶᠢ ᠡᠬᠡ ᠭᠠᠵᠠᠷ ᠤᠨ ᠡᠭᠦᠳᠭᠡᠯ ᠰᠡᠳᠬᠢᠯᠭᠡ ᠂ ᠡᠴᠢᠭᠡ ᠳᠡᠭᠷᠢ ᠶᠢᠨ ᠡᠭᠦᠳᠭᠡᠯ ᠰᠡᠳᠬᠢᠯᠭᠡ᠂ ᠪᠦᠬᠡ ᠮᠦᠷᠭᠦᠯ ᠤᠨ ᠡᠪᠦᠬᠡ ᠰᠡᠳᠬᠢᠭᠦᠢ ᠶᠢᠨ ᠦᠪ ᠲᠤᠭᠳᠠᠯ ᠡᠴᠡ ᠰᠠᠭᠤᠷᠢᠯᠠᠵᠤ᠂ᠮᠣᠩᠭᠣᠯ ᠨᠤᠲᠤᠭ(ᠲᠤᠭᠳᠠᠩᠭ᠋ᠤᠢ ᠰᠢᠨᠵᠢ)᠂ ᠮᠣᠩᠭᠣᠯ ᠪᠡᠯᠴᠢᠭᠡᠷ (ᠬᠦᠳᠡᠯᠦᠩᠬᠦᠢ ᠰᠢᠨᠵᠢ)᠂ ᠮᠣᠩᠭᠣᠯ ᠰᠦᠷᠦᠭ (ᠡᠺᠦᠯᠦᠬᠢ ᠰᠢᠨᠵᠢ) ᠶᠢᠨᠷ ᠳᠡᠪᠢᠰᠭᠡᠷᠯᠡᠵᠦ᠂ ᠨᠡᠭᠦᠳᠡᠯ ᠰᠤᠶᠤᠯ ᠤᠨ ᠮᠠᠯ ᠠᠵᠤ ᠠᠬᠤᠢ ᠶᠢᠨ ᠭᠦᠨ ᠤᠬᠠᠭᠠᠨ ᠦ ᠰᠢᠰᠲ᠋ᠸᠮ ᠲᠤᠭᠳᠠᠯᠴᠠᠭ᠎ᠠ᠂ ᠳᠠᠪᠤᠨ ᠪᠤᠳᠢ ᠶᠢᠨ ᠠᠢ ᠰᠡᠪᠡ (ᠺᠠᠲ᠋ᠢᠭᠤᠷᠢ) ᠬᠤᠨᠢ᠂ ᠢᠮᠠᠭ᠎ᠠ᠂ ᠦᠭᠡᠷ᠂ ᠳᠡᠮᠡᠭᠡ᠂ ᠮᠤᠷᠢ ᠪᠠᠷ ᠠᠴᠢᠭᠤᠯᠵᠤ ᠂ ᠨᠡᠭᠦᠳᠡᠯ ᠰᠤᠶᠤᠯ ᠤᠨ ᠭᠦᠨ ᠤᠬᠠᠭᠠᠨ ᠦ ᠰᠡᠳᠬᠢᠯᠡᠭᠨ ᠦ ᠥᠪᠡᠷᠮᠢᠴᠡ ᠠᠷᠭ᠎ᠠ ᠵᠦᠢ ᠂ ᠨᠡᠭᠦᠳᠡᠯ ᠤᠨ ᠳᠦᠷᠪᠡᠨ ᠬᠦᠷᠢᠶ ᠠ ᠠᠪᠦᠯᠵᠢᠶ ᠠ᠂ ᠬᠠᠪᠤᠷᠵᠢᠶ ᠠ᠂ ᠵᠤᠨᠵᠢᠶ ᠠ ᠨᠠᠮᠤᠷᠵᠢᠶ ᠠ ᠪᠡᠷ ᠬᠦᠷᠢᠶᠠᠯᠠᠵᠦ᠂ ᠨᠡᠭᠦᠳᠡᠯ ᠰᠤᠶᠤᠯ ᠤᠨ ᠭᠦᠨ ᠤᠬᠠᠭᠠᠨ ᠦ ᠰᠡᠳᠬᠢᠯᠭᠡᠨ ᠦ ᠤᠯᠠᠮᠵᠢᠯᠠᠲᠤ ᠶᠤᠰᠤ ᠂ ᠮᠣᠩᠭᠣᠯ ᠰᠡᠳᠬᠢᠬᠦᠢ ᠶᠢ ᠨᠡᠭᠦᠳᠡᠯ ᠤᠨ ᠡᠺᠦᠯᠦᠬᠢ ᠂ ᠨᠡᠭᠦᠳᠡᠯ ᠤᠨ ᠲᠦᠷᠪᠡᠨ ᠬᠦᠷᠢᠶ ᠡ ᠂ ᠨᠡᠭᠦᠳᠡᠯ ᠤᠨ ᠳᠠᠪᠤᠨ ᠠᠢ ᠪᠡᠷ ᠠᠭᠤᠯᠤᠭᠵᠢᠭᠤᠯᠵᠤ ᠂ ᠨᠡᠭᠦᠳᠡᠯ ᠰᠤᠶᠤᠯ ᠤᠨ ᠭᠦᠨ ᠤᠬᠠᠭᠠᠨ ᠦ ᠰᠡᠳᠬᠢᠯᠭᠡᠨ ᠦ ᠬᠦᠭ᠍ᠵᠢᠯ᠂ ᠡᠺᠦᠯᠦᠬᠢ ᠰᠡᠳᠬᠢᠯᠭᠡ ᠶᠢ ᠠᠮᠢ ᠂ᠠᠬᠤᠢ ᠂ ᠤᠬᠠᠮᠰᠠᠷ ᠶᠢᠨᠷ ᠤᠨᠤᠯᠵᠢᠭᠤᠯᠬᠤ ᠬᠡᠮᠡᠨ ᠭᠤᠷᠢᠲᠠᠪᠠ᠃ |
原文 |
查看原文
|
出自 |
内蒙古师范大学学报
2007年
第1期
|