摘要 |
ᠲᠡᠭᠡᠳᠦ ᠮᠣᠩᠭᠤᠯᠴᠤᠳ ᠤᠨ ᠦᠷᠯᠦᠭ ᠬᠦᠪᠡᠭᠦᠨ᠂ ᠤᠶᠠᠩᠭ᠎ᠠ ᠶᠢᠨ ᠨᠠᠢᠷᠠᠭᠤᠯᠤᠯ ᠤᠨ ᠵᠣᠬᠢᠶᠠᠯᠴᠢ ᠴ•ᠰᠠᠩᠬᠡ ᠭᠤᠸᠠᠢ1955 ᠣᠨ ᠤ 5 ᠰᠠᠷ ᠠ ᠶᠢᠨ 5 ᠤ ᠡᠳᠦᠷ ᠭᠠᠰ ᠲᠤᠬᠤᠢ ᠶᠢᠨ ᠨᠤᠮᠤᠬᠠᠨ ᠲᠠᠨᠵᠢᠨ ᠲᠦᠷᠦᠭᠦᠦ ᠭᠡᠳᠡᠭ ᠪᠠᠭᠤᠷᠢ ᠳ᠋ᠤ ᠨᠤᠲᠤᠭᠰᠢᠭᠰᠠᠨ ᠪᠠᠭ᠎ᠠ ᠬᠦᠷᠦᠭᠡᠴᠢ ᠲᠠᠷᠪᠠ ᠶᠢᠨ ᠴᠢᠸᠠᠩᠯᠢᠳ ᠤᠨ ᠤᠤᠭᠠᠨ ᠬᠦᠪᠡᠭᠦᠨ ᠪᠣᠯᠤᠨ ᠵᠠᠶᠠᠭᠠᠵᠠᠢ᠃ ᠪᠠᠭ᠎ᠠ ᠨᠠᠰᠤᠨ ᠤ ᠴ•ᠰᠡᠩᠭᠡ ᠡᠨᠡ ᠬᠤᠷ ᠠ ᠳ᠋ᠤ ᠬᠦᠮᠦᠨ ᠪᠡᠶ ᠠ ᠵᠢ ᠤᠯᠵᠦ ᠡᠬᠡ ᠶᠢᠨ ᠢᠢᠡᠨ ᠬᠡᠪᠡᠯᠢ ᠵᠢᠠᠢᠰᠬᠦᠯᠵᠦ ᠭᠠᠷᠬᠤ ᠦᠶ ᠠ ᠳ᠋ᠤ ᠡᠴᠢᠭᠡ ᠨᠢ ᠮᠣᠩᠭᠤᠯ ᠲᠦᠪᠡᠳ ᠨᠣᠮ ᠳ᠋ᠤ ᠨᠡᠪᠲᠡᠷᠡᠭᠰᠡᠨ ᠦᠯᠵᠡᠢᠲᠦ ᠭᠡᠳᠡᠭ ᠡᠮᠴᠢ ᠯᠠᠮ ᠠ ᠵᠢ ᠵᠠᠯᠠᠵᠤ 《ᠠᠯᠳᠠᠨᠭᠡᠷᠡᠯ》 ᠰᠤᠳᠤᠷ ᠢ ᠣᠩᠰᠢᠭᠤᠯᠵᠤ ᠢᠷᠦᠭᠡᠯ ᠲᠠᠭᠠᠳᠬᠠᠯ ᠭᠤᠶᠤᠭᠰᠠᠨ ᠳ᠋ᠤ ᠴᠤᠢᠳᠠᠨᠵᠠᠮᠰᠤ ᠭᠡᠳᠡᠭ ᠨᠡᠷ ᠡ ᠬᠠᠢᠷᠠᠯᠠᠭᠰᠠᠨ ᠪᠠᠢᠵᠠᠢ᠃ ᠲᠡᠭᠦᠨ ᠤ ᠤᠢ ᠤᠬᠠᠭᠠᠨ ᠤᠷᠤᠬᠤ ᠦᠶ ᠡ ᠳ᠋ᠤ ᠮᠠᠯ ᠰᠦᠷᠦᠭ ᠤᠨ ᠬᠢᠨᠢ ᠪᠡᠯᠴᠢᠭᠡᠷ ᠲᠤᠮᠳᠠ ᠪᠠᠢᠭᠰᠠᠨ ᠬᠡᠳᠦᠨ ᠬᠦᠬᠡ ᠪᠠᠢᠰᠢᠩ ᠨᠢ ᠤᠲᠤ ᠨᠢᠭᠡᠨᠲᠡ ᠭᠤᠯᠤᠮᠳᠠ ᠬᠤᠲᠠ ᠪᠣᠯᠵᠤ ᠬᠦᠭᠵᠢᠭᠰᠡᠨ ᠶᠣᠮ᠃ |