Title |
ᠵᠢᠭᠦᠷᠲᠡᠨ ᠦ ᠰᠠᠯᠠᠭᠠᠯᠢᠭ ᠰᠠᠪᠠᠬᠠᠴᠢᠷ ᠪᠠᠺᠲ᠋ᠧᠷᠢ ᠶᠢᠨ ᠳᠡᠳ᠋ ᠰᠦᠷᠢᠶᠡᠨ ᠦ ᠳᠡᠳ᠋ ᠳᠦᠷᠰᠦ ᠶᠢᠨ ᠡᠪᠡᠳᠴᠢᠯᠡᠭᠦᠯᠬᠦ ᠵᠦᠢ ᠶᠤᠰᠤᠨ ᠵᠢᠴᠢ ᠠᠬᠤᠢ ᠪᠠᠢᠳᠠᠯ |
Creator |
ᠣᠳᠤᠨᠭᠡᠷᠡᠯ |
Keyword |
ᠵᠢᠭᠦᠷᠲᠡᠨ ᠦ ᠰᠠᠯᠠᠭᠠᠯᠢᠭ ᠰᠠᠪᠠᠬᠠᠴᠢᠷ ᠪᠠᠺᠲ᠋ᠧᠷᠢ; ᠳᠡᠳ᠋ ᠰᠦᠷᠢᠶ᠎ᠡ ᠡᠪᠡᠳᠴᠢᠨ; ᠡᠪᠡᠳᠴᠢᠯᠡᠭᠦᠯᠬᠦ ᠵᠦᠢ ᠶᠤᠰᠤ |
Abstract |
ᠵᠢᠭᠦᠷᠲᠡᠨ ᠦ ᠰᠠᠯᠠᠭᠠᠯᠢᠭ ᠰᠠᠪᠠᠬᠠᠴᠢᠷ ᠪᠠᠺᠲ᠋ᠧᠷᠢ ᠶᠢᠨ ᠳᠡᠳ᠋ ᠰᠦᠷᠢᠶᠡᠨ ᠦ ᠳᠡᠳ᠋ ᠳᠦᠷᠰᠦ (Mycobacterium avium subsp, paratuberculosis, MAP) ᠪᠤᠯ ᠭᠤᠤᠯᠳᠠᠭᠤ ᠬᠡᠪᠢᠭᠴᠢ ᠠᠮᠢᠲᠠᠨ ᠬᠢᠭᠡᠳ ᠵᠠᠷᠢᠮ ᠴᠦᠬᠡᠨ ᠲᠤᠭᠠᠨ ᠤ ᠪᠤᠰᠤᠳ ᠲᠦᠷᠦᠯ ᠦᠨ ᠠᠮᠢᠲᠠᠨ ᠳᠤ ᠳᠡᠳ᠋ ᠰᠦᠷᠢᠶ᠎ᠡ ᠡᠪᠡᠳᠴᠢᠨ (paratuberculosis) ᠡᠭᠦᠰᠭᠡᠳᠡᠭ ᠡᠪᠡᠳᠴᠢᠯᠡᠭᠦᠯᠦᠭᠴᠢ ᠪᠠᠺᠲ᠋ᠧᠷᠢ ᠮᠦᠨ᠃ ᠲᠡᠭᠦᠨ ᠦ ᠡᠪᠡᠳᠴᠢᠨ ᠡᠭᠦᠰᠭᠡᠬᠦ ᠵᠦᠢ ᠶᠤᠰᠤᠨ ᠤ ᠲᠤᠬᠠᠢ ᠭᠤᠤᠯᠳᠠᠭᠤ MAP᠋ ᠶᠢᠨ ᠬᠠᠯᠳᠠᠪᠤᠷᠢ ᠠᠴᠠ ᠪᠤᠯᠤᠭᠰᠠᠨ Ⅰᠪᠤᠯᠤᠨ Ⅳ ᠬᠡᠯᠪᠡᠷᠢ ᠶᠢᠨ ᠬᠡᠳᠦ ᠰᠤᠷᠭᠤᠭᠵᠢᠬᠤ ᠤᠷᠪᠠᠯ ᠭᠡᠵᠦ 《ᠮᠢᠺᠷᠤᠪ ᠰᠤᠳᠤᠯᠤᠯ》 ᠪᠤᠯᠤᠨ 《ᠢᠮᠮᠦ᠋ᠨ ᠰᠤᠳᠤᠯᠤᠯ》 ᠤᠨ ᠲᠠᠯ᠎ᠠ ᠠᠴᠠ ᠲᠠᠢᠯᠪᠤᠷᠢᠯᠠᠵᠤ ᠪᠠᠢᠭᠰᠠᠨ ᠠᠴᠠ ᠣᠳᠣ ᠨᠢᠭᠡᠨᠲᠡ ᠲᠡᠭᠦᠨ ᠦ ᠡᠪᠡᠳᠴᠢᠯᠡᠭᠦᠯᠬᠦ ᠰᠢᠯᠲᠠᠭᠠᠨ ᠲᠠᠢ ᠬᠠᠮᠢᠶ᠎ᠠ ᠪᠦᠬᠦᠢ ᠤᠳᠤᠮᠰᠢᠯ ᠤᠨ ᠪᠤᠳᠠᠰ ᠢ ᠰᠤᠳᠤᠯᠤᠨ 《ᠮᠤᠯᠧᠺᠦ᠋ᠯ ᠰᠤᠳᠤᠯᠤᠯ》 ᠤᠨ ᠬᠢᠷᠢ ᠬᠡᠮᠵᠢᠶᠡᠨ ᠡᠴᠡ ᠤᠯᠠᠮ ᠨᠢᠭᠡ ᠠᠯᠬᠤᠮ ᠭᠦᠨᠵᠡᠭᠡᠶᠢᠷᠡᠭᠦᠯᠦᠨ ᠲᠠᠢᠯᠪᠤᠷᠢᠯᠠᠵᠤ᠂ MAP᠋ ᠠᠴᠠ ᠱᠦᠭᠦᠷᠡᠭᠦᠯᠬᠦ ᠰᠢᠪᠲᠤᠯᠬᠤ ᠬᠦᠴᠦᠨ ᠲᠡᠢ ᠬᠠᠮᠢᠶ᠎ᠠ ᠪᠦᠬᠦᠢ ᠹᠠᠺᠲ᠋ᠤᠷ ᠵᠢᠴᠢ ᠲᠡᠭᠦᠨ ᠢ ᠵᠠᠬᠢᠷᠴᠤ ᠪᠠᠢᠭ᠎ᠠ ᠭᠧᠨ ᠨᠦᠬᠦᠳ ᠢ ᠵᠤᠬᠢᠬᠤ ᠬᠡᠪᠴᠢᠶ᠎ᠡ ᠪᠡᠷ ᠢᠯᠡᠷᠡᠭᠦᠯᠦᠭᠰᠡᠨ ᠪᠠᠢᠨ᠎ᠠ᠃ ᠭᠡᠪᠡᠴᠦ MAP᠋ ᠶᠢᠨ ᠳᠠᠷᠠᠭ ᠤᠨ ᠠᠮᠢᠨᠤ᠋ ᠬᠦᠴᠢᠯᠲᠦ ᠹᠤᠰᠭᠤᠷ ᠬᠦᠴᠢᠯ ᠦᠨ ᠢᠰᠭᠡᠭᠦᠷ (Map-PtPA)᠂ Cdc42 ᠬᠦᠷᠲᠡᠭᠴᠢ ᠪᠡᠶ᠎ᠡ ᠶᠢᠨ ᠤᠭᠤᠷᠠᠭ ᠵᠡᠷᠭᠡ ᠶᠢᠨ ᠡᠭᠦᠰᠦᠯᠲᠡ ᠶᠢ ᠤᠯᠠᠮ ᠨᠢᠭᠡ ᠠᠯᠬᠤᠮ ᠭᠦᠨᠵᠡᠭᠡᠢ ᠰᠤᠳᠤᠯᠤᠨ ᠣᠨᠣᠪᠴᠢᠲᠠᠢ ᠲᠤᠳᠤᠷᠬᠠᠢᠯᠠᠬᠤ ᠴᠢᠬᠤᠯᠠ ᠲᠠᠢ ᠪᠠᠢᠨ᠎ᠠ᠃ |
Original Literature |
No Original Paper
|
出自 |
内蒙古师范大学学报(自然科学蒙古文版)
2015年
第1期
|