Paper Information


Title ᠠᠯᠤᠰ ᠰᠠᠷᠠᠯ ᠪᠠ GIS ᠲᠤ ᠰᠠᠭᠤᠷᠢᠯᠠᠭᠰᠠᠨ ᠦᠪᠦᠷ ᠮᠣᠩᠭᠤᠯ ᠤᠨ ᠡᠵᠡᠨ᠎ᠡ ᠶᠢᠨ ᠨᠤᠭᠤᠭᠠᠨ ᠪᠦᠷᠢᠲᠦ ᠶᠢᠨ ᠠᠮᠢ ᠠᠬᠤᠢ ᠶᠢᠨ ᠬᠤᠪᠢᠷᠠᠯᠲᠠ ᠶᠢᠨ ᠪᠠᠢᠳᠠᠯ
Creator ᠤᠯᠠᠭᠠᠨᠴᠡᠴᠡᠭ᠌; ᠴᠢᠨ ᠹᠦ᠋ ᠶᠢᠩ
Keyword ᠡᠵᠡᠨ᠎ᠡ ᠶᠢᠨ ᠨᠤᠭᠤᠭᠠᠨ ᠪᠦᠷᠢᠲᠦ; ᠤᠷᠭᠤᠮᠠᠯ ᠤᠨ ᠬᠤᠴᠢᠴᠠ; ᠠᠮᠢ ᠠᠬᠤᠢ ᠶᠢᠨ ᠬᠤᠪᠢᠷᠠᠯᠲᠠ
Abstract ᠦᠭᠦᠯᠡᠯ ᠳᠦ ᠬᠤᠶᠠᠷ ᠬᠤᠭᠤᠴᠠᠭᠠᠨ ᠤ Landsar TM ᠠᠯᠤᠰ ᠰᠠᠷᠠᠯ ᠤᠨ ᠵᠢᠷᠤᠭ ᠢ ᠠᠰᠢᠭᠯᠠᠨ᠂ ᠤᠷᠭᠤᠮᠠᠯ ᠤᠨ ᠢᠯᠡᠳᠭᠡᠮᠵᠢ (NDVI) ᠪᠠ ᠤᠷᠭᠤᠮᠠᠯ ᠤᠨ ᠬᠤᠴᠢᠴᠠ (VC) ᠶᠢ ᠪᠤᠳᠤᠬᠤ ᠪᠠᠷ ᠳᠠᠮᠵᠢᠨ᠂ 2006 ~ 2011 ᠣᠨ ᠤ ᠬᠤᠭᠤᠷᠤᠨᠳᠤᠬᠢ ᠡᠵᠡᠨ᠎ᠡ ᠶᠢᠨ ᠨᠤᠭᠤᠭᠠᠨ ᠪᠦᠷᠢᠲᠦ ᠶᠢᠨ ᠠᠮᠢ ᠠᠬᠤᠢ ᠶᠢᠨ ᠬᠤᠪᠢᠷᠠᠯᠲᠠ ᠶᠢ ᠵᠠᠳᠠᠯᠤᠭᠰᠠᠨ ᠪᠠᠢᠨ᠎ᠠ᠃ ᠦᠷ᠎ᠡ ᠳ᠋ᠦᠩ ᠦᠨ ᠲᠤᠭ᠎ᠠ ᠪᠠᠷᠢᠮᠲᠠ ᠠᠴᠠ ᠦᠵᠡᠪᠡᠯ᠄ 2006 ~ 2011 ᠣᠨ ᠤ ᠬᠤᠭᠤᠷᠤᠨᠳᠤ ᠡᠵᠡᠨ᠎ᠡ ᠶᠢᠨ ᠨᠤᠭᠤᠭᠠᠨ ᠪᠦᠷᠢᠲᠦ ᠶᠢᠨ ᠤᠷᠭᠤᠮᠠᠯ ᠤᠨ ᠬᠤᠴᠢᠴᠠ ᠢᠯᠡᠳᠲᠡ ᠬᠤᠪᠢᠷᠠᠯᠲᠠ ᠭᠠᠷᠴᠠᠢ᠃ ᠳᠠᠷᠤᠢ᠂ ᠳᠤᠤᠷ᠎ᠠ ᠳᠡᠰ ᠦᠨ ᠤᠷᠭᠤᠮᠠᠯ ᠤᠨ ᠬᠤᠴᠢᠴᠠ ᠲᠠᠢ ᠭᠠᠵᠠᠷ ᠤᠨ ᠲᠠᠯᠠᠪᠠᠢ ᠬᠤᠷᠤᠭᠳᠠᠨ᠂ ᠦᠨᠳᠦᠷ ᠳᠡᠰ ᠦᠨ ᠤᠷᠭᠤᠮᠠᠯ ᠤᠨ ᠬᠤᠴᠢᠴᠠ ᠲᠠᠢ ᠭᠠᠵᠠᠷ ᠤᠨ ᠲᠠᠯᠠᠪᠠᠢ ᠡᠨᠡᠮᠭᠳᠡᠵᠦ᠂ ᠬᠤᠷᠤᠭᠳᠠᠭᠰᠠᠨ ᠲᠠᠯᠠᠪᠠᠢ ᠨᠢ ᠨᠡᠮᠡᠭᠳᠡᠭᠰᠡᠨ ᠲᠠᠯᠠᠪᠠᠢ ᠠᠴᠠ ᠪᠠᠨ ᠶᠡᠬᠡ ᠪᠠᠢᠵᠤ᠂ ᠶᠡᠷᠦᠩᠬᠡᠢ ᠳᠡᠭᠡᠨ ᠠᠮᠢ ᠠᠬᠤᠢ ᠮᠠᠭᠠᠳᠠᠬᠤ ᠬᠠᠨᠳᠤᠰᠢ ᠲᠠᠢ ᠪᠠᠢᠨ᠎ᠠ᠃ ᠡᠨᠡ ᠨᠢ ᠭᠤᠤᠯᠳᠠᠭᠤ ᠲᠤᠬᠠᠢ ᠶᠢᠨ ᠭᠠᠵᠠᠷ ᠤᠨ ᠪᠠᠢᠭᠠᠯᠢ ᠶᠢᠨ ᠰᠢᠯᠲᠠᠭᠠᠨ ᠵᠢᠴᠢ ᠬᠦᠮᠦᠨ ᠲᠦᠷᠦᠯᠬᠢᠲᠡᠨ ᠦ ᠬᠦᠳᠡᠯᠭᠡᠭᠡᠨ ᠡᠴᠡ ᠪᠤᠯᠤᠭᠰᠠᠨ ᠶᠤᠮ᠃
Original Literature No Original Paper
出自 内蒙古师范大学学报(自然科学蒙古文版) 2014年 第2期

联系我们


内蒙古大学图书馆
呼和浩特市大学西路235号
中国·内蒙古
P: (0471) 4992561
E: huangfeilong@imu.edu.cn