Title |
γ-Fe2O3 ᠮᠧᠰᠤ᠋ ᠤᠷᠤᠮᠲᠤ ᠮᠠᠲ᠋ᠧᠷᠢᠶᠠᠯ ᠤᠨ ᠰᠤᠷᠤᠭᠠᠭᠤᠯᠬᠤ ᠴᠢᠨᠠᠷ ᠤᠨ ᠲᠤᠬᠠᠢ ᠰᠤᠳᠤᠯᠤᠯᠲᠠ |
Creator |
ᠢᠦᠢ ᠮᠧᠢ; ᠵᠤᠤ ᠰᠡᠴᠡᠨ; ᠪᠠᠢ ᠮᠧᠩ ᠯᠠᠨ; ᠴᠠᠩ ᠱᠠᠨ |
Keyword |
γ-Fe2O3 ᠮᠧᠰᠤ᠋ ᠤᠷᠤᠮᠲᠤ ᠮᠠᠲ᠋ᠧᠷᠢᠶᠠᠯ; ᠮᠧᠲ᠋ᠢᠯ ᠤᠯᠠᠪᠤᠷ ᠪᠠ ᠺᠤᠩᠭᠤ᠋ ᠤᠯᠠᠭᠠᠨ; ᠰᠤᠷᠤᠭᠠᠭᠤᠯᠬᠤ ᠴᠢᠨᠠᠷ |
Abstract |
ᠦᠭᠦᠯᠡᠯ ᠳᠦ ᠬᠠᠯᠠᠭᠠᠨ ᠵᠠᠳᠠᠷᠠᠭᠤᠯᠬᠤ ᠠᠷᠭ᠎ᠠ ᠪᠠᠷ γ-Fe2O3 ᠮᠧᠰᠤ᠋ ᠤᠷᠤᠮᠲᠤ ᠮᠠᠲ᠋ᠧᠷᠢᠶᠠᠯ ᠢ ᠭᠠᠷᠭᠠᠨ ᠠᠪᠴᠤ᠂ ᠤᠷᠭᠠᠨᠢᠭ ᠪᠤᠵᠠᠷᠲᠤᠯ ᠮᠧᠲ᠋ᠢᠯ ᠤᠯᠠᠪᠤᠷ ᠪᠠ ᠺᠤᠩᠭᠤ᠋ ᠤᠯᠠᠭᠠᠨ ᠳᠠᠬᠢ ᠰᠤᠷᠤᠭᠠᠭᠤᠯᠬᠤ ᠴᠢᠨᠠᠷ ᠤᠨ ᠲᠤᠬᠠᠢ ᠳᠦᠭᠦᠮ ᠰᠤᠳᠤᠯᠤᠭᠰᠠᠨ ᠪᠠᠢᠨ᠎ᠠ᠃ ᠰᠤᠳᠤᠯᠤᠯᠲᠠ ᠶᠢᠨ ᠦᠷ᠎ᠡ ᠳ᠋ᠦᠩ ᠳᠦ᠂ γ-Fe2O3 ᠮᠧᠰᠤ᠋ ᠤᠷᠤᠮᠲᠤ ᠮᠠᠲ᠋ᠧᠷᠢᠶᠠᠯ ᠨᠢ ᠤᠷᠭᠠᠨᠢᠭ ᠪᠤᠵᠠᠷᠲᠤᠯ ᠮᠧᠲ᠋ᠢᠯ ᠤᠯᠠᠪᠤᠷ ᠪᠠ ᠺᠤᠩᠭᠤ᠋ ᠤᠯᠠᠭᠠᠨ ᠢ ᠰᠤᠷᠤᠭᠠᠭᠤᠯᠬᠤ ᠴᠢᠨᠠᠷ ᠢᠶᠠᠷ ᠲᠤᠩ ᠰᠠᠢᠨ ᠪᠠᠢᠵᠤ᠂ ᠰᠤᠷᠤᠭᠠᠭᠤᠯᠬᠤ ᠬᠤᠭᠤᠴᠠᠭ᠎ᠠ ᠪᠠ ᠠᠭᠤᠰᠤᠮᠠᠯ ᠤᠨ ᠦᠳᠭᠡᠴᠡ ᠨᠢ ᠰᠤᠷᠤᠭᠠᠭᠤᠯᠬᠤ ᠴᠢᠨᠠᠷ ᠲᠤ ᠲᠤᠩ ᠶᠡᠬᠡ ᠨᠦᠯᠦᠭᠡ ᠲᠡᠢ ᠪᠠᠢᠵᠤ᠂ ᠠᠭᠤᠰᠤᠮᠠᠯ ᠤᠨ pH ᠬᠡᠮᠵᠢᠭᠳᠡᠯ ᠦᠨ ᠰᠤᠷᠤᠭᠠᠭᠤᠯᠬᠤ ᠴᠢᠨᠠᠷ ᠳᠠᠬᠢ ᠨᠦᠯᠦᠭᠡ ᠨᠢ ᠪᠠᠭ᠎ᠠ ᠪᠤᠯᠤᠨ᠎ᠠ᠃ γ-Fe2O3 ᠮᠧᠰᠤ᠋ ᠤᠷᠤᠮᠲᠤ ᠮᠠᠲ᠋ᠧᠷᠢᠶᠠᠯ ᠨᠢ ᠤᠷᠭᠠᠨᠢᠭ ᠪᠤᠵᠠᠷᠲᠤᠯ ᠮᠧᠲ᠋ᠢᠯ ᠤᠯᠠᠪᠤᠷ ᠪᠠ ᠺᠤᠩᠭᠤ᠋ ᠤᠯᠠᠭᠠᠨ ᠳᠠᠬᠢ ᠬᠢᠵᠠᠭᠠᠷ ᠰᠤᠷᠤᠭᠠᠭᠤᠯᠬᠤ ᠬᠡᠮᠵᠢᠶ᠎ᠡ ᠨᠢ ᠲᠤᠰ ᠲᠤᠰ 17.2mg·g-1 ᠪᠠ 40.2mg·g-1 ᠪᠠᠢᠵᠤ᠂ ᠲᠡᠳᠡᠭᠡᠷ ᠨᠢ ᠪᠦᠷ Langmuir ᠰᠤᠷᠤᠭᠠᠭᠤᠯᠤᠯ ᠤᠨ ᠣᠨᠣᠯ ᠳᠤ ᠨᠡᠢᠴᠡᠭᠰᠡᠨ ᠪᠠᠢᠨ᠎ᠠ᠃ |
Original Literature |
No Original Paper
|
出自 |
内蒙古师范大学学报(自然科学蒙古文版)
2012年
第3期
|