Title |
ᠮᠤᠤᠨ᠋ᠤᠰᠤ ᠡᠯᠡᠰᠦᠷᠬᠡᠭ ᠭᠠᠵᠠᠷ ᠤᠨ ᠣᠢᠷ᠎ᠠ ᠶᠢᠨ 30 ᠵᠢᠯ ᠳᠡᠬᠢ ᠡᠯᠡᠰᠦᠨ ᠰᠢᠭᠤᠷᠭᠠᠨ ᠤ ᠬᠤᠪᠢᠷᠠᠯᠲᠠ |
Creator |
ᠴᠠᠭᠠᠨᠲᠤᠶᠠᠭᠠ; ᠤᠯᠠᠭᠠᠨᠲᠤᠶᠠᠭ᠎ᠠ |
Keyword |
ᠮᠤᠤᠨ᠋ᠤᠰᠤ ᠡᠯᠡᠰᠦᠷᠬᠡᠭ ᠭᠠᠵᠠᠷ; ᠡᠯᠡᠰᠦᠨ ᠰᠢᠭᠤᠷᠭ᠎ᠠ; ᠬᠦᠭᠵᠢᠯᠲᠡ ᠶᠢᠨ ᠬᠠᠨᠳᠤᠰᠢ; ᠲᠦᠰᠢᠯᠴᠡᠯ ᠦᠨ ᠬᠠᠷᠢᠴᠠᠭ᠎ᠠ |
Abstract |
ᠮᠤᠤᠨ᠋ᠤᠰᠤ ᠡᠯᠡᠰᠦᠷᠬᠡᠭ ᠭᠠᠵᠠᠷ ᠤᠨ ᠲᠦᠪ ᠲᠦ ᠪᠠᠢᠷᠢᠯᠠᠵᠤ ᠪᠠᠢᠭ᠎ᠠ ᠣᠲᠤᠭ ᠬᠤᠰᠢᠭᠤ᠂ ᠣᠲᠤᠭ ᠤᠨ ᠡᠮᠦᠨᠡᠲᠦ ᠬᠤᠰᠢᠭᠤ᠂ ᠡᠵᠡᠨ ᠬᠤᠷᠤᠭ᠎ᠠ ᠬᠤᠰᠢᠭᠤ᠂ ᠦᠦᠰᠢᠨ ᠬᠤᠰᠢᠭᠤ ᠵᠡᠷᠭᠡ ᠳᠦᠷᠪᠡᠨ ᠬᠤᠰᠢᠭᠤ ᠪᠠᠷ ᠵᠢᠱᠢᠶᠡᠯᠡᠵᠦ᠂ ᠪᠦᠷᠢᠳᠭᠡᠨ ᠵᠠᠳᠠᠯᠬᠤ ᠪᠠ ᠲᠦᠰᠢᠯᠴᠡᠯ ᠦᠨ ᠬᠠᠷᠢᠴᠠᠭᠠᠨ ᠤ ᠠᠷᠭ᠎ᠠ ᠪᠠᠷ ᠮᠤᠤᠨ᠋ᠤᠰᠤ ᠡᠯᠡᠰᠦᠷᠬᠡᠭ ᠭᠠᠵᠠᠷ ᠲᠤ ᠣᠢᠷ᠎ᠠ ᠶᠢᠨ 30 ᠵᠢᠯ ᠦᠨ ᠬᠤᠭᠤᠴᠠᠭᠠᠨ ᠳᠤ ᠡᠭᠦᠰᠦᠭᠰᠡᠨ ᠡᠯᠡᠴᠦᠨ ᠰᠢᠭᠤᠷᠭᠠᠨ ᠤ ᠣᠨᠴᠠᠯᠢᠭ ᠵᠢᠴᠢ ᠲᠡᠭᠦᠨ ᠦ ᠬᠦᠭᠵᠢᠯᠲᠡ ᠶᠢᠨ ᠬᠠᠨᠳᠤᠰᠢ ᠳᠤ ᠵᠠᠳᠠᠯᠤᠯᠲᠠ ᠬᠢᠪᠡ᠃ ᠡᠭᠦᠨ ᠦ ᠰᠠᠭᠤᠷᠢᠨ ᠳᠡᠭᠡᠷ᠎ᠡ ᠲᠤᠰ ᠣᠷᠤᠨ ᠳᠤ ᠡᠯᠡᠰᠦᠨ ᠰᠢᠭᠤᠷᠭ᠎ᠠ ᠡᠭᠦᠰᠬᠦ ᠰᠢᠯᠲᠠᠭᠠᠨ ᠢ ᠤᠯᠠᠮ ᠨᠢᠭᠡ ᠠᠯᠬᠤᠮ ᠶᠠᠷᠢᠯᠴᠠᠵᠠᠢ᠃ ᠣᠢᠷ᠎ᠠ ᠶᠢᠨ 30 ᠵᠢᠯ ᠦᠨ ᠬᠤᠭᠤᠷᠤᠨᠳᠤ ᠮᠤᠤᠨ᠋ᠤᠰᠤ ᠡᠯᠡᠰᠦᠷᠬᠡᠭ ᠭᠠᠵᠠᠷ ᠤᠨ ᠡᠯᠡᠰᠦᠨ ᠰᠢᠭᠤᠷᠭ᠎ᠠ ᠡᠭᠦᠰᠬᠦ ᠳᠠᠪᠲᠠᠮᠵᠢ ᠨᠢ ᠨᠡᠮᠡᠭᠳᠡᠵᠦ ᠪᠠᠢᠭᠰᠠᠨ ᠠᠴᠠ ᠪᠠᠨ ᠪᠠᠭᠤᠷᠠᠬᠤ ᠬᠦᠳᠡᠯᠦᠩᠭᠦᠢ ᠬᠤᠪᠢᠷᠠᠯᠲᠠ ᠶᠢᠨ ᠶᠠᠪᠤᠴᠠ ᠶᠢ ᠦᠩᠭᠡᠷᠭᠡᠵᠦ᠂ ᠶᠡᠷᠦᠩᠬᠡᠢ ᠬᠦᠭᠵᠢᠯᠲᠡ ᠶᠢᠨ ᠬᠠᠨᠳᠤᠰᠢ ᠨᠢ ᠪᠠᠭᠤᠷᠠᠬᠤ ᠬᠠᠨᠳᠤᠰᠢ ᠲᠠᠢ ᠶᠤᠮ᠃ ᠭᠡᠪᠡᠴᠦ ᠣᠷᠤᠨ ᠵᠠᠢ ᠶᠢᠨ ᠲᠠᠷᠬᠠᠯᠲᠠ ᠶᠢᠨ ᠬᠤᠪᠢ ᠳᠤ᠂ ᠡᠯᠡᠰᠦᠷᠬᠡᠭ ᠭᠠᠵᠠᠷ ᠤᠨ ᠪᠠᠷᠠᠭᠤᠨ ᠡᠮᠦᠨ᠎ᠡ ᠪᠡ ᠪᠠᠷᠠᠭᠤᠨ ᠬᠤᠢᠨ᠎ᠠ ᠬᠡᠰᠡᠭ ᠲᠦ ᠢᠯᠡᠭᠦᠦ ᠡᠭᠦᠰᠴᠦ ᠪᠠᠢᠨ᠎ᠠ᠃ ᠤᠯᠠᠷᠢᠯ ᠤᠨ ᠲᠠᠷᠬᠠᠯᠲᠠ ᠶᠢᠨ ᠬᠤᠪᠢ ᠳᠤ᠂ ᠬᠠᠪᠤᠷ ᠤᠨ ᠤᠯᠠᠷᠢᠯ ᠳᠤ ᠡᠭᠦᠰᠬᠦ ᠳᠠᠪᠲᠠᠮᠵᠢ ᠶᠢ ᠶᠡᠬᠡ ᠪᠡᠷ ᠨᠦᠯᠦᠭᠡᠯᠡᠨ᠎ᠡ᠃ ᠦᠭᠦᠯᠡᠯ ᠳᠦ ᠪᠠᠰᠠ ᠲᠤᠰ ᠭᠠᠵᠠᠷ ᠣᠷᠤᠨ ᠤ ᠡᠯᠡᠰᠦᠨ ᠰᠢᠭᠤᠷᠭᠠᠨ ᠤ ᠬᠤᠬᠢᠷᠠᠯ ᠢ ᠪᠠᠭᠠᠰᠬᠠᠬᠤ ᠪᠠ ᠰᠡᠷᠭᠡᠶᠢᠯᠡᠬᠦ ᠲᠤᠬᠠᠢ ᠬᠡᠳᠦᠨ ᠵᠤᠢᠯ ᠤᠨ ᠰᠠᠨᠠᠭᠤᠯᠭ᠎ᠠ ᠪᠠᠨ ᠳᠤᠷᠠᠳᠴᠠᠢ᠃ |
Original Literature |
No Original Paper
|
出自 |
内蒙古师范大学学报(自然科学蒙古文版)
2013年
第4期
|