Title |
ᠴᠠᠢᠷ ᠤᠨ ᠰᠢᠷᠬᠡᠭ ᠬᠦᠳᠡᠷ ᠦᠨ ᠪᠦᠲᠦᠴᠡᠲᠦ ᠭᠤᠷᠪᠠᠴᠢ ᠬᠤᠯᠢᠮᠠᠭ ᠲᠠᠯᠠᠰᠲᠤ AxB1-xC ᠮᠠᠲ᠋ᠧᠷᠢᠶᠠᠯ ᠤᠨ ᠬᠠᠮᠢᠶ᠎ᠠ ᠪᠦᠬᠦᠢ ᠫᠠᠷᠠᠮᠧᠲ᠋ᠷ |
Creator |
ᠪᠠᠢ ᠵᠢᠨ ᠬᠤᠸᠠ; ᠵᠤᠤ ᠹᠧᠩ ᠴᠢ; ᠶᠦᠸᠧ ᠶᠢᠩ |
Keyword |
ᠴᠠᠢᠷ ᠤᠨ ᠰᠢᠷᠬᠡᠭ ᠬᠦᠳᠡᠷ ᠦᠨ ᠪᠦᠲᠦᠴᠡᠲᠦ ᠭᠤᠷᠪᠠᠴᠢ ᠬᠤᠯᠢᠮᠠᠭ ᠲᠠᠯᠠᠰᠲᠤ; ᠬᠦᠨᠳᠡᠢᠷᠡᠭᠦᠯᠦᠭᠴᠢ ᠪᠠᠢᠩᠭᠤ ᠲᠤᠭ᠎ᠠ; ᠳᠠᠪᠳᠠᠮᠵᠢ; ᠪᠦᠷᠢᠯᠳᠦᠭᠦᠨ |
Abstract |
ᠴᠠᠢᠷ ᠤᠨ ᠰᠢᠷᠬᠡᠭ ᠬᠦᠳᠡᠷ ᠦᠨ ᠪᠦᠲᠦᠴᠡᠲᠦ ᠭᠤᠷᠪᠠᠴᠢ ᠬᠤᠯᠢᠮᠠᠭ ᠲᠠᠯᠠᠰᠲᠤ AxB1-xC ᠮᠠᠲ᠋ᠧᠷᠢᠶᠠᠯ ᠳᠡᠬᠢ ᠡᠯᠧᠺᠲ᠋ᠷᠤᠨ — ᠹᠤᠨᠤᠨ ᠤ ᠬᠠᠷᠢᠯᠴᠠᠨ ᠦᠢᠯᠡᠴᠢᠯᠡᠯ ᠲᠡᠢ ᠬᠤᠯᠪᠤᠭᠳᠠᠯ ᠪᠦᠬᠦᠢ ᠫᠠᠷᠠᠮᠧᠲ᠋ᠷ ᠢ ᠰᠤᠳᠤᠯᠵᠤ᠂ ᠴᠠᠢᠷ ᠤᠨ ᠰᠢᠷᠬᠡᠭ ᠬᠦᠳᠡᠷ ᠦᠨ ᠪᠦᠲᠦᠴᠡᠲᠦ ᠭᠤᠷᠪᠠᠴᠢ ᠬᠤᠯᠢᠮᠠᠭ ᠲᠠᠯᠠᠰᠲᠤ (AlxGa1-xN, InxGa1-xN ᠪᠠMgxZn1-xO᠋ ᠢᠶᠠᠷ ᠵᠢᠱᠢᠶᠡᠯᠡᠵᠦ)᠋ ᠶᠢᠨ ᠬᠦᠨᠳᠡᠢᠷᠡᠭᠦᠯᠦᠭᠴᠢ ᠪᠠᠢᠩᠭᠤ ᠲᠤᠭ᠎ᠠ ᠪᠠ ᠭᠡᠷᠡᠯ ᠦᠨ ᠤᠬᠠᠭᠠᠨ ᠤ ᠹᠤᠨᠤᠨ ᠤ ᠳᠠᠪᠲᠠᠮᠵᠢ ᠶᠢᠨ ᠪᠦᠷᠢᠯᠳᠦᠭᠦᠨ x᠋ ᠤᠨ ᠬᠤᠭᠤᠷᠤᠨᠳᠤᠬᠢ ᠬᠤᠯᠪᠤᠭᠳᠠᠯ ᠢ ᠰᠤᠳᠤᠯᠤᠨ ᠣᠯᠣᠭᠰᠠᠨ ᠳ᠋ᠦᠩ ᠢᠶᠡᠨ ᠱᠤᠭᠤᠮᠤᠨ ᠬᠠᠪᠴᠢᠭᠤᠯᠬᠤ ᠠᠷᠭ᠎ᠠ ᠪᠠᠷ ᠣᠯᠣᠭᠰᠠᠨ ᠳ᠋ᠦᠩ ᠲᠡᠢ ᠬᠠᠷᠢᠴᠠᠭᠤᠯᠪᠠ᠃ ᠰᠤᠳᠤᠯᠭᠠᠨ ᠤ ᠳ᠋ᠦᠩ ᠢᠯᠡᠷᠬᠡᠶᠢᠯᠡᠭᠰᠡᠨ ᠨᠢ᠄ ᠦᠨᠳᠦᠷ ᠳᠠᠪᠲᠠᠮᠵᠢᠲᠤ ᠬᠦᠨᠳᠡᠢᠷᠡᠭᠦᠯᠦᠭᠴᠢ ᠪᠠᠢᠩᠭᠤ ᠲᠤᠭ᠎ᠠ ᠪᠠ ᠭᠡᠷᠡᠯ ᠦᠨ ᠤᠬᠠᠭᠠᠨ ᠤ ᠹᠤᠨᠤᠨ ᠤ ᠳᠠᠪᠲᠠᠮᠵᠢ ᠨᠢ ᠱᠤᠭᠤᠮᠤᠨ ᠬᠠᠪᠴᠢᠭᠤᠯᠬᠤ ᠠᠷᠭ᠎ᠠ ᠪᠠᠷ ᠣᠯᠣᠭᠰᠠᠨ ᠳ᠋ᠦᠩ ᠲᠡᠢ ᠣᠢᠷᠠᠯᠴᠠᠭ᠎ᠠ ᠪᠠᠢᠳᠠᠭ᠃ ᠭᠡᠪᠡᠴᠦ ᠳᠠᠢᠪᠤᠩ ᠲᠦᠯᠦᠪᠲᠦ ᠬᠦᠨᠳᠡᠢᠷᠡᠭᠦᠯᠦᠭᠴᠢ ᠪᠠᠢᠩᠭᠤ ᠲᠤᠭ᠎ᠠ ᠨᠢ ᠱᠤᠭᠤᠮᠤᠨ ᠬᠠᠪᠴᠢᠭᠤᠯᠬᠤ ᠠᠷᠭ᠎ᠠ ᠪᠠᠷ ᠣᠯᠣᠭᠰᠠᠨ ᠳ᠋ᠦᠩ ᠲᠡᠢ ᠮᠠᠰᠢ ᠵᠦᠷᠢᠶ᠎ᠡ ᠲᠡᠢ ᠪᠠᠢᠳᠠᠭ᠃ |
Original Literature |
No Original Paper
|
出自 |
内蒙古师范大学学报(自然科学蒙古文版)
2015年
第3期
|