Abstract |
ᠫᠧᠩᠰᠠᠨ ᠳᠤ ᠲᠠᠷᠢᠬᠤ ᠠᠷᠭ᠎ᠠ ᠪᠠᠷ ᠬᠦᠷᠦᠰᠦᠨ ᠦ ᠭᠠᠩᠳᠠᠯ ᠨᠢ ᠤᠯᠠᠭᠠᠨ ᠪᠤᠢᠯᠠᠰᠤ ᠶᠢᠨ ᠴᠢᠬᠢ ᠶᠢᠨ ᠭᠡᠷᠡᠯ ᠨᠡᠢᠯᠡᠯᠭᠡ ᠶᠢᠨ ᠭᠡᠷᠡᠯ ᠴᠤᠤᠷᠢᠶᠠᠳᠤᠯ ᠤᠨ ᠣᠨᠴᠠᠯᠢᠭ ᠲᠤ ᠦᠵᠡᠭᠦᠯᠬᠦ ᠨᠦᠯᠦᠭᠡ ᠶᠢ ᠰᠤᠳᠤᠯᠵᠠᠢ᠃ ᠲᠤᠷᠰᠢᠯᠲᠠ ᠶᠢᠨ ᠦᠷ᠎ᠡ ᠳ᠋ᠦᠩ ᠬᠠᠷᠠᠭᠤᠯᠤᠭᠰᠠᠨ ᠨᠢ᠄ ᠬᠡᠪ ᠦᠨ ᠤᠰᠤᠨ ᠤ ᠬᠠᠩᠭᠠᠯᠲᠠ ᠶᠢᠨ ᠪᠠᠢᠳᠠᠯ ᠳᠤ ᠤᠯᠠᠭᠠᠨ ᠪᠤᠢᠯᠠᠰᠤ ᠶᠢᠨ ᠴᠢᠭᠢ ᠶᠢᠨ Pnmax ᠨᠢ 21.60μmolCO2 · m-2s-1᠂ AQY ᠨᠢ 0.074μmolCO2 · μmol-1photons, LCP ᠨᠢ 52μmol photons · m-2s-1, LSP ᠨᠢ 1351 μmol photons · m-2s-1, Rd ᠨᠢ 3.84μmolCO2 · m-2s-1 ᠪᠤᠢ᠃ ᠡᠳᠡᠭᠡᠷ ᠨᠢ ᠤᠯᠠᠭᠠᠨ ᠪᠤᠢᠯᠠᠰᠤ ᠶᠢᠨ ᠴᠢᠭᠢ ᠶᠢᠨ ᠨᠡᠯᠢᠶᠡᠳ ᠦᠨᠳᠦᠷ ᠭᠡᠷᠡᠯ ᠨᠡᠢᠯᠡᠯᠭᠡ ᠶᠢᠨ ᠨᠡᠭᠦᠷᠦᠰᠦᠳᠦ᠋ᠷᠦᠭᠴᠢ ᠢᠵᠢᠯᠰᠢᠭᠦᠯᠬᠦ ᠴᠢᠳᠠᠪᠤᠷᠢᠲᠠᠢ ᠪᠦᠭᠡᠳ ᠬᠦᠷᠦᠰᠦᠨ ᠦ ᠭᠠᠩᠳᠠᠯ ᠨᠢ ᠤᠯᠠᠭᠠᠨ ᠪᠤᠢᠯᠠᠰᠤ ᠶᠢᠨ ᠴᠢᠭᠢ ᠶᠢᠨ ᠭᠡᠷᠡᠯ ᠨᠡᠢᠯᠡᠯᠭᠡ ᠶᠢᠨ ᠴᠢᠳᠠᠪᠤᠷᠢ ᠶᠢ ᠳᠤᠷᠤᠭᠰᠢᠯᠠᠭᠤᠯᠵᠤ᠂ ᠭᠡᠷᠡᠯ ᠦᠨ ᠡᠨᠧᠷᠬᠢ ᠶᠢ ᠠᠰᠢᠭᠯᠠᠬᠤ ᠬᠡᠪᠴᠢᠶ ᠡ ᠶᠢ ᠢᠪᠴᠤᠤ ᠪᠤᠯᠭᠠᠭᠰᠠᠨ ᠢ ᠬᠠᠷᠠᠭᠤᠯᠵᠠᠢ᠃ ᠭᠡᠪᠡᠴᠦ ᠬᠦᠷᠦᠰᠦᠨ ᠦ ᠤᠰᠤᠨ ᠠᠭᠤᠯᠤᠮᠵᠢ ᠳᠤᠷᠤᠭᠰᠢᠯᠠᠭᠠᠳ 3.01% ᠬᠦᠷᠦᠭᠰᠡᠨ ᠲᠤᠢᠯ ᠤᠨ ᠪᠠᠢᠳᠠᠯ ᠳᠤᠤᠷ᠎ᠠ᠂ ᠤᠯᠠᠭᠠᠨ ᠪᠤᠢᠯᠠᠰᠤ ᠶᠢᠨ ᠴᠢᠭᠢ ᠨᠢ ᠮᠦᠨ 47.96% ᠶᠢᠨ ᠭᠡᠷᠡᠯ ᠨᠡᠢᠯᠡᠯᠭᠡ ᠶᠢᠨ ᠴᠢᠳᠠᠪᠤᠷᠢ ᠪᠠᠨ ᠬᠠᠳᠠᠭᠠᠯᠠᠵᠤ ᠪᠤᠢ᠃ ᠡᠨᠡ ᠨᠢ ᠤᠠᠯᠭᠠᠨ ᠪᠤᠢᠯᠠᠰᠤ ᠲᠤᠩ ᠴᠢᠩᠭ᠍᠎ᠠ ᠭᠠᠩᠳᠠᠯ ᠢ ᠲᠡᠰᠪᠦᠷᠢᠯᠡᠬᠦ ᠴᠢᠳᠠᠪᠤᠷᠢᠲᠠᠢ ᠭᠡᠳᠡᠭ ᠢ ᠬᠠᠷᠠᠭᠤᠯᠵᠤ ᠪᠤᠢ᠃ |