Title |
ᠴᠠᠢᠷ ᠤᠨ ᠰᠢᠷᠬᠡᠭ ᠬᠦᠳᠡᠷ ᠦᠨ ᠪᠦᠲᠦᠴᠡᠲᠦ CaN/Al0.3Ca0.7N ᠺᠧᠨᠠᠲ᠋ ᠤᠨᠠᠭᠤᠯᠢ ᠳᠤᠲᠤᠷᠠᠬᠢ ᠰᠤᠷᠢᠨᠵᠢᠨ ᠫᠤᠯᠠᠷᠤᠨ ᠤ ᠡᠨᠧᠷᠬᠢ |
Creator |
ᠦᠷᠦᠨᠲᠤᠶᠠᠭ᠎ᠠ; ᠵᠤᠤ ᠹᠧᠩ ᠴᠢ; ᠰᠠᠴᠤᠷᠤᠩᠭᠤᠢ |
Keyword |
ᠴᠠᠢᠷ ᠤᠨ ᠰᠢᠷᠬᠡᠭ; ᠬᠦᠳᠡᠷ ᠦᠨ ᠪᠦᠲᠦᠴᠡᠲᠦ; ᠺᠧᠨᠠᠲ᠋ ᠤᠨᠠᠭᠤᠯᠢ; ᠡᠨᠧᠷᠬᠢ; ᠰᠤᠷᠢᠨᠵᠢᠨ ᠫᠤᠯᠠᠷᠤᠨ |
Abstract |
ᠰᠠᠢᠵᠢᠷᠠᠭᠤᠯᠤᠭᠰᠠᠨ Lee-Low-Pines ᠬᠤᠪᠢᠯᠭᠠᠪᠤᠷᠢ ᠶᠢᠨ ᠠᠷᠭ᠎ᠠ ᠪᠠᠷ ᠴᠠᠢᠷ ᠤᠨ ᠰᠢᠷᠬᠡᠭ ᠬᠦᠳᠡᠷ ᠦᠨ ᠪᠦᠲᠦᠴᠡᠲᠦ CaN/Al0.3Ca0.7N ᠺᠧᠨᠠᠲ᠋ ᠤᠨᠠᠭᠤᠯᠢ ᠮᠠᠲ᠋ᠧᠷᠢᠶᠠᠯ ᠳᠤᠲᠤᠷᠠᠬᠢ ᠰᠤᠷᠢᠨᠵᠢᠨ ᠫᠤᠯᠠᠷᠤᠨ ᠤ ᠡᠨᠧᠷᠬᠢ ᠶᠢᠨ ᠳᠡᠰ ᠢ ᠰᠤᠳᠤᠯᠬᠤ ᠶᠢᠨ ᠬᠠᠮᠲᠤ᠂ ᠲᠡᠭᠦᠨ ᠦ ᠰᠠᠭᠤᠷᠢ ᠲᠦᠯᠦᠪ ᠦᠨ ᠡᠨᠧᠷᠬᠢ ᠶᠢᠨ ᠤᠨᠠᠭᠤᠯᠢ ᠶᠢᠨ ᠦᠷᠭᠡᠨ L᠂ ᠭᠠᠳᠠᠭᠠᠳᠤ ᠰᠤᠷᠢᠨᠵᠢᠨ ᠣᠷᠤᠨ ᠤ ᠬᠦᠴᠦᠯᠡᠴᠡ B ᠬᠢᠭᠡᠳ ᠬᠤᠢᠯᠠᠷᠠᠯᠲᠠ ᠶᠢᠨ ᠳᠠᠪᠲᠠᠮᠵᠢ ᠶᠢᠨ ᠭᠠᠳᠠᠭᠠᠳᠤ ᠰᠤᠷᠢᠨᠵᠢᠨ ᠣᠷᠤᠨ ᠤ ᠬᠦᠴᠦᠯᠡᠴᠡ ᠶᠢ ᠳᠠᠭᠠᠯᠳᠤᠨ ᠬᠤᠪᠢᠷᠠᠬᠤ ᠹᠦᠩᠺᠼ ᠦᠨ ᠬᠤᠯᠪᠤᠭᠳᠠᠯ ᠢ ᠣᠯᠣᠭᠰᠠᠨ ᠪᠠᠢᠨ᠎ᠠ᠃ ᠪᠤᠳᠤᠯᠭ᠎ᠠ ᠶᠢᠨ ᠶᠠᠪᠤᠴᠠ ᠳᠤ᠂ ᠴᠠᠢᠷ ᠤᠨ ᠰᠢᠷᠬᠡᠭ ᠬᠦᠳᠡᠷ ᠦᠨ ᠪᠦᠲᠦᠴᠡᠲᠦ CaN/Al0.3Ca0.7N ᠺᠧᠨᠠᠲ᠋ ᠤᠨᠠᠭᠤᠯᠢ ᠳᠤᠲᠤᠷᠠᠬᠢ ᠭᠡᠷᠡᠯᠯᠢᠭ᠌ ᠹᠤᠨᠤᠨ ᠮᠧᠦ᠋ᠳ᠋ ᠦᠨ ᠢᠽᠤᠲ᠋ᠷᠤᠫᠢ ᠪᠤᠰᠤ ᠴᠢᠨᠠᠷ᠂ ᠡᠯᠧᠺᠲ᠋ᠷᠤᠨ ᠪᠠ ᠤᠷᠲᠤ ᠳᠤᠯᠭᠢᠶᠠᠨ ᠭᠡᠷᠡᠯᠯᠢᠭ᠌ ᠹᠤᠨᠤᠨ ᠤ ᠬᠤᠭᠤᠷᠤᠨᠳᠤᠬᠢ ᠬᠠᠷᠢᠯᠴᠠᠨ ᠦᠢᠯᠡᠴᠢᠯᠡᠯ ᠢ ᠪᠤᠳᠤᠯᠬᠢᠯᠠᠬᠤ ᠶᠢᠨ ᠤᠯᠠᠮ ᠢᠶᠠᠷ᠂ ᠬᠡᠮᠵᠢᠶᠡᠨ ᠦ ᠵᠠᠳᠠᠯᠤᠯᠲᠠ ᠶᠢᠨ ᠬᠠᠷᠢᠴᠠᠭᠤᠯᠤᠯ ᠬᠢᠬᠦ ᠶᠢᠨ ᠲᠤᠰᠠᠲᠠ ᠴᠠᠢᠷ ᠤᠨ ᠬᠢᠯᠪᠠᠭᠠᠨ ᠬᠦᠳᠡᠷ ᠦᠨ ᠪᠦᠲᠦᠴᠡᠲᠦ CaN/Al0.3Ca0.7N ᠺᠧᠨᠠᠲ᠋ ᠤᠨᠠᠭᠤᠯᠢ ᠳᠤᠲᠤᠷᠠᠬᠢ ᠰᠤᠷᠢᠨᠵᠢᠨ ᠫᠤᠯᠠᠷᠤᠨ ᠤ ᠡᠨᠧᠷᠬᠢ ᠪᠠ ᠬᠤᠢᠯᠠᠷᠠᠯᠲᠠ ᠶᠢᠨ ᠳᠠᠪᠲᠠᠮᠵᠢ ᠶᠢᠨ ᠬᠠᠷᠠᠭᠠᠯᠵᠠᠭᠰᠠᠨ ᠬᠡᠮᠵᠢᠭᠳᠡᠯ ᠢ ᠪᠠᠰᠠ ᠦᠭᠭᠦᠭᠳᠡᠵᠡᠢ᠃ |
Original Literature |
No Original Paper
|
出自 |
内蒙古师范大学学报(自然科学蒙古文版)
2010年
第3期
|