Paper Information


Title ᠡᠮᠳᠤ ᠤᠷᠭᠤᠮᠠᠯ ᠬᠠᠪᠳᠠᠭᠠᠢ ᠬᠤᠨᠴᠢᠷ (Astragalus Complanatus R.Br)᠋‍ ᠲᠤ ᠠᠭᠤᠯᠤᠭᠳᠠᠵᠤ ᠪᠦᠬᠦᠢ ᠲᠡᠮᠤᠷᠯᠢᠭ᠌᠌ ᠡᠯᠸᠮᠸᠨ᠋ᠲ ᠤᠨ ᠳᠤᠬᠠᠢ ᠰᠤᠳᠤᠯᠤᠯ
Creator ᠡᠷᠳᠡᠨᠢᠰᠠᠩ
Keyword ᠬᠠᠪᠳᠠᠭᠠᠢ ᠬᠤᠨᠴᠢᠷ; ᠲᠡᠮᠤᠷᠯᠢᠭ᠌᠌ ᠡᠯᠸᠮᠸᠨ᠋ᠲ ICP-AES
Abstract ᠦᠩᠬᠡᠷᠡᠭᠰᠡᠨ ᠵᠢᠯ ᠤᠳ ᠲᠤ ᠡᠪᠡᠰᠤᠨ ᠠᠮ ᠵᠢᠴᠢ ᠡᠮ ᠤᠨ ᠮᠠᠲ᠋ᠸᠷᠢᠶᠠᠯ᠂ ᠵᠠᠷᠢᠮ ᠮᠤᠩᠭ᠋ᠤᠯ ᠡᠮ ᠳᠤ ᠠᠭᠤᠯᠤᠭᠳᠠᠵᠤ ᠪᠦᠬᠦᠢ ᠴᠦᠭᠡᠪᠤᠷᠢ ᠡᠯᠸᠮᠸᠨ᠋ᠲ ᠳᠤ ᠵᠠᠳᠠᠯᠤᠯᠳᠠ ᠬᠢᠭ᠍ᠰᠡᠨ ᠦᠬᠦᠯᠡᠯ ᠨᠡᠯᠢᠶᠡᠳ ᠬᠠᠷᠠᠭᠳᠠᠵᠤ ᠪᠤᠢ᠃ ᠪᠢᠳᠡ ᠡᠬᠦᠨ ᠡᠴᠡ ᠰᠦᠪᠡᠭ᠍ᠴᠢ ᠠᠪᠴᠤ ᠮᠤᠩᠭ᠋ᠤᠯ ᠡᠮ ᠪᠤᠶᠤ ᠡᠮ ᠤᠨ ᠮᠠᠲ᠋ᠸᠷᠢᠶᠠᠯ ᠳᠤ ᠬᠦᠮᠦᠨ ᠤ ᠪᠡᠶ᠎ᠡ ᠳᠤ ᠬᠡᠷᠡᠭᠴᠡᠭᠡ ᠪᠦᠬᠦᠢ ᠡᠯᠸᠮᠸᠨ᠋ᠲ ᠪᠠᠶᠠᠯᠢᠭ ᠠᠭᠤᠯᠤᠭᠳᠠᠵᠤ ᠪᠠᠢᠢᠬᠤ ᠵᠢ ᠰᠠᠷᠠᠵᠤ ᠮᠡᠳᠡᠭᠰᠡᠨ ᠪᠠᠢᠢᠨ᠎ᠠ᠃ ᠬᠡᠪᠡᠴᠤ ᠡᠳᠡᠭᠡᠷ ᠡᠯᠸᠮᠸᠨ᠋ᠲ ᠨᠢ ᠡᠮ ᠤᠨ ᠠᠢᠨᠵᠢ ᠴᠢᠨᠠᠷ ᠪᠠ ᠡᠪᠡᠳᠴᠢᠨ ᠤ ᠬᠤᠭᠤᠷᠤᠨᠳᠤ ᠶᠠᠮᠠᠷ ᠬᠠᠷᠢᠴᠠᠭ᠎ᠠ ᠬᠤᠯᠪᠤᠭ᠎ᠠ ᠡᠬᠦᠰᠬᠦ ᠳᠤᠬᠠᠢ ᠰᠤᠳᠤᠯᠤᠯ ᠨᠢ ᠤᠳᠤᠬᠠᠨ᠎ᠠ ᠰᠢᠰᠲ᠋ᠸᠮ ᠲᠠᠢ ᠪᠦᠭᠡᠳ ᠬᠦᠨᠵᠡᠬᠡᠢ ᠰᠠᠢᠢᠬᠠᠨ ᠶᠠᠪᠤᠭᠳᠠᠵᠤ ᠴᠢᠳᠠᠭᠠᠳᠤᠢ ᠪᠠᠢᠢᠭᠰᠠᠭᠠᠷ ᠶᠤᠮ᠃ ᠲᠤᠰ ᠦᠬᠦᠯᠡᠯ ᠳᠤ ᠡᠨᠡ ᠲᠠᠯ᠎ᠠ ᠡᠴᠡ ᠭᠠᠷᠳᠠᠭᠰᠠᠨ ᠠᠩᠬᠠᠨ ᠤ ᠬᠤᠭᠤᠴᠠᠭᠠᠨ ᠳ᠋ᠡᠬᠢ ᠳᠤᠷᠰᠢᠯᠳᠠ ᠪᠡᠷ ᠳᠠᠮᠵᠢᠨ᠂ ᠬᠠᠪᠳᠠᠭᠠᠢ ᠬᠤᠨᠴᠢᠷ ᠲᠤ 14 ᠵᠦᠢᠯ ᠤᠨ ᠲᠡᠮᠤᠷᠯᠢᠭ᠌᠌ ᠡᠯᠸᠮᠸᠨ᠋ᠲ ᠠᠭᠤᠯᠤᠭᠳᠠᠬᠤ ᠵᠢ ᠢᠯᠡᠷᠡᠬᠦᠯᠬᠦ ᠶᠢᠨ ᠬᠠᠮᠳᠤ᠂ ᠡᠯᠸᠮᠸᠨ᠋ᠲ ᠨᠢ ᠡᠮ ᠤᠨ ᠮᠠᠲ᠋ᠸᠷᠢᠶᠠᠯ ᠤᠨ ᠠᠢᠨᠵᠢ ᠴᠢᠠᠨᠷ ᠲᠠᠢ ᠮᠠᠰᠢ ᠶᠡᠬᠡ ᠬᠤᠯᠪᠤᠭᠳᠠᠯ ᠲᠠᠢ ᠬᠡᠳᠡᠭ ᠢ ᠳᠤᠷᠰᠢᠯᠳᠠ ᠶᠢᠨ ᠦᠷ᠎ᠡ ᠳ᠋ᠦᠩ ᠡᠴᠡ ᠬᠡᠷᠡᠴᠢᠯᠡᠭᠰᠡᠨ ᠪᠠᠢᠢᠨ᠎ᠠ᠃
Original Literature View Original Paper
出自 内蒙古师范大学学报(自然科学蒙古文版) 2005年 第1期

联系我们


内蒙古大学图书馆
呼和浩特市大学西路235号
中国·内蒙古
P: (0471) 4992561
E: huangfeilong@imu.edu.cn