Title |
ᠮᠣᠩᠭᠤᠯ ᠬᠡᠯᠡᠨ ᠦ ᠮᠦᠩᠬᠡ ᠭᠠᠯ ᠺᠤᠳ᠋ ᠢ ᠯᠠᠲ᠋ᠢᠨ ᠭᠠᠯᠢᠭ ᠲᠤ ᠬᠤᠪᠢᠷᠠᠭᠤᠯᠬᠤ ᠠᠷᠭ᠎ᠠ ᠶᠢᠨ ᠲᠤᠬᠠᠢ |
Creator |
ᠢᠦᠢ ᠰᠢᠶᠠ; ᠸᠠᠩ ᠰᠡᠷᠭᠦᠯᠡᠩ; ᠠᠷᠢᠭᠤᠨ |
Keyword |
ᠮᠣᠩᠭᠤᠯ ᠬᠡᠯᠡᠨ ᠦ ᠮᠦᠩᠬᠡ ᠭᠠᠯ ᠺᠤᠳ᠋; ᠯᠠᠲ᠋ᠢᠨ ᠭᠠᠯᠢᠭ; ᠺᠤᠳ᠋ ᠢ ᠬᠤᠪᠢᠷᠠᠭᠤᠯᠬᠤ |
Abstract |
ᠮᠣᠩᠭᠤᠯ ᠬᠡᠯᠡᠨ ᠦ ᠺᠤᠳ᠋ ᠤᠳ ᠤᠨ ᠬᠤᠭᠤᠷᠤᠨᠳᠤ ᠪᠠᠨ ᠲᠤᠬᠢᠷᠠᠯᠴᠠᠬᠤ ᠦᠭᠡᠢ ᠪᠠᠢᠬᠤ ᠨᠢ ᠮᠣᠩᠭᠤᠯ ᠬᠡᠯᠡᠨ ᠦ ᠰᠤᠷᠠᠭ ᠵᠠᠩᠭᠢ ᠰᠢᠢᠳᠪᠦᠷᠢᠯᠡᠯᠲᠡ ᠶᠢᠨ ᠬᠦᠭᠵᠢᠯᠲᠡ ᠶᠢ ᠬᠠᠷᠰᠢᠯᠠᠵᠤ ᠪᠠᠢᠭ᠎ᠠ ᠨᠢᠭᠡᠨ ᠴᠢᠬᠤᠯᠠ ᠠᠰᠠᠭᠤᠳᠠᠯ ᠪᠤᠯᠵᠠᠢ᠃ ᠡᠢᠮᠦ ᠡᠴᠡ ᠺᠤᠳ᠋ ᠬᠤᠪᠢᠷᠠᠭᠤᠯᠬᠤ ᠠᠵᠢᠯ ᠲᠤᠯᠭᠠᠮ᠎ᠠ ᠱᠠᠭᠠᠷᠳᠠᠭᠳᠠᠵᠤ ᠪᠤᠢ᠃ ᠡᠢᠮᠦᠷᠭᠦ ᠪᠠᠢᠳᠠᠯ ᠳᠤ ᠴᠢᠭᠯᠡᠭᠦᠯᠦᠨ᠂ ᠲᠤᠰ ᠦᠭᠦᠯᠡᠯ ᠳᠦ ᠮᠦᠩᠬᠡ ᠭᠠᠯ ᠺᠤᠳ᠋ ᠢ ᠯᠠᠲ᠋ᠢᠨ ᠭᠠᠯᠢᠭ ᠲᠤ ᠬᠤᠪᠢᠷᠠᠭᠤᠯᠬᠤ ᠠᠷᠭ᠎ᠠ ᠶᠢ ᠰᠤᠳᠤᠯᠵᠠᠢ᠃ ᠳᠠᠷᠤᠢ ᠮᠦᠩᠬᠡ ᠭᠠᠯ ᠺᠤᠳ᠋ ᠢᠶᠠᠷ ᠪᠢᠴᠢᠭᠰᠡᠨ ᠮᠣᠩᠭᠤᠯ ᠦᠰᠦᠭ ᠢ ᠠᠪᠢᠶ᠎ᠠ ᠳᠠᠷᠠᠭᠠᠯᠠᠨ ᠤᠩᠰᠢᠭᠰᠠᠨ ᠤ ᠳᠠᠷᠠᠭ᠎ᠠ ᠠᠪᠢᠶ᠎ᠠ ᠪᠤᠯᠭᠠᠨ ᠤ ᠺᠤᠳ᠋ ᠢ ᠦᠨᠳᠦᠰᠦᠯᠡᠨ ᠲᠡᠭᠦᠨ ᠲᠡᠢ ᠬᠠᠷᠠᠭᠠᠯᠵᠠᠭᠰᠠᠨ ᠯᠠᠲ᠋ᠢᠨ ᠭᠠᠯᠢᠭ ᠲᠤ ᠬᠤᠪᠢᠷᠠᠭᠤᠯᠬᠤ ᠪᠠᠷ ᠳᠠᠮᠵᠢᠭᠤᠯᠤᠨ ᠪᠦᠬᠦᠯᠢ ᠦᠰᠦᠭ ᠦᠨ ᠺᠤᠳ᠋ ᠢ ᠦᠨᠳᠦᠰᠦᠯᠡᠨ ᠲᠡᠭᠦᠨ ᠲᠡᠢ ᠬᠠᠷᠠᠭᠠᠯᠵᠠᠭᠰᠠᠨ ᠯᠠᠲ᠋ᠢᠨ ᠭᠠᠯᠢᠭ ᠲᠤ ᠬᠤᠪᠢᠷᠠᠭᠤᠯᠬᠤ ᠪᠠᠷ ᠳᠠᠮᠵᠢᠭᠤᠯᠤᠨ ᠪᠦᠬᠦᠯᠢ ᠦᠰᠦᠭ ᠦᠨ ᠺᠤᠳ᠋ ᠢ ᠬᠤᠪᠢᠷᠠᠭᠤᠯᠤᠨ᠎ᠠ᠃ ᠰᠤᠳᠤᠯᠭᠠᠨ ᠤ ᠳ᠋ᠦᠩ ᠳᠦ 76302 ᠦᠰᠦᠭ ᠦᠨ ᠬᠡᠪᠴᠢᠶᠡᠨ ᠦ ᠮᠦᠩᠬᠡ ᠭᠠᠯ ᠺᠤᠳ᠋ ᠢᠶᠠᠷ ᠪᠢᠴᠢᠭᠰᠡᠨ ᠮᠣᠩᠭᠤᠯ ᠮᠠᠲ᠋ᠧᠷᠢᠶᠠᠯ ᠤᠨ ᠬᠦᠮᠦᠷᠭᠡ ᠶᠢ ᠬᠤᠪᠢᠷᠠᠭᠤᠯᠤᠭᠰᠠᠨ ᠣᠨᠣᠪᠴᠢ ᠶᠢᠨ ᠬᠡᠮᠵᠢᠶ᠎ᠡ ᠨᠢ 100% ᠳᠤ ᠬᠦᠷᠴᠡᠢ᠃ ᠡᠢᠮᠦ ᠡᠴᠡ ᠡᠨᠡ ᠬᠦ ᠰᠤᠳᠤᠯᠤᠯᠲᠠ ᠨᠢ ᠮᠣᠩᠭᠤᠯ ᠬᠡᠯᠡᠨ ᠦ ᠮᠠᠲ᠋ᠧᠷᠢᠶᠠᠯ ᠤᠨ ᠬᠦᠮᠦᠷᠭᠡ ᠶᠢᠨ ᠴᠤᠭᠴᠠᠯᠠᠯᠲᠠ ᠪᠠ ᠮᠣᠩᠭᠤᠯ ᠬᠡᠯᠡᠨ ᠦ ᠰᠤᠷᠠᠭ ᠵᠠᠩᠭᠢ ᠰᠢᠢᠳᠪᠦᠷᠢᠯᠡᠯᠲᠡ ᠳᠦ ᠪᠦᠷ ᠲᠤᠩ ᠴᠢᠬᠤᠯᠠ ᠠᠴᠢ ᠬᠤᠯᠪᠤᠭᠳᠠᠯ ᠲᠠᠢ ᠪᠠᠢᠳᠠᠭ᠃ |
Original Literature |
No Original Paper
|
出自 |
内蒙古师范大学学报(自然科学蒙古文版)
2014年
第2期
|