Title |
ᠴᠠᠢᠷ ᠤᠨ ᠰᠢᠷᠬᠡᠭ ᠬᠦᠳᠡᠷ ᠦᠨ ᠪᠦᠲᠦᠴᠡᠲᠦ CaN/AlxCa1-xN ᠺᠧᠨᠠᠲ᠋ ᠤᠨᠠᠭᠤᠯᠢ ᠳᠠᠬᠢ ᠴᠢᠯᠦᠭᠡᠲᠦ ᠫᠤᠯᠠᠷᠤᠨ ᠤ ᠡᠨᠧᠷᠬᠢ |
Creator |
ᠡᠦ ᠬᠠᠢ ᠶᠠᠨ; ᠵᠤᠤ ᠹᠧᠩ ᠴᠢ; ᠪᠤᠤ ᠤᠷᠲᠤ; ᠰᠤᠷᠭᠤᠭ |
Keyword |
ᠴᠠᠢᠷ ᠤᠨ ᠰᠢᠷᠬᠡᠭ ᠬᠦᠳᠡᠷ ᠦᠨ ᠪᠦᠲᠦᠴᠡᠲᠦ ᠺᠧᠨᠠᠲ ᠤᠨᠠᠭᠤᠯᠢ; ᠫᠤᠯᠠᠷᠤᠨ; ᠡᠨᠧᠷᠬᠢ |
Abstract |
LLP ᠸᠠᠷᠢᠶᠠᠽ ᠠᠷᠭ᠎ᠠ ᠶᠢ ᠬᠡᠷᠡᠭᠯᠡᠨ ᠴᠠᠢᠷ ᠤᠨ ᠰᠢᠷᠬᠡᠭ ᠬᠦᠳᠡᠷ ᠦᠨ ᠪᠦᠲᠦᠴᠡᠲᠦ ᠺᠧᠨᠠᠲ ᠤᠨᠠᠭᠤᠯᠢ ᠳᠠᠬᠢ ᠴᠢᠯᠦᠭᠡᠲᠦ ᠫᠤᠯᠠᠷᠤᠨ ᠤ ᠡᠨᠧᠷᠬᠢ ᠬᠢᠭᠡᠳ ᠡᠯᠧᠺᠲ᠋ᠷᠤᠨ - ᠹᠤᠨᠤᠨ ᠤ ᠬᠠᠷᠢᠯᠴᠠᠨ ᠦᠢᠯᠡᠴᠢᠯᠡᠯ ᠨᠢ ᠴᠢᠯᠦᠭᠡᠲᠦ ᠫᠤᠯᠠᠷᠤᠨ ᠤ ᠡᠨᠧᠷᠬᠢ ᠳᠦ ᠦᠵᠡᠭᠦᠯᠦᠭᠰᠡᠨ ᠨᠦᠯᠦᠭᠡ ᠵᠡᠷᠭᠡ ᠶᠢ ᠰᠤᠳᠤᠯᠪᠠ᠃ ᠣᠨᠣᠯ ᠤᠨ ᠪᠤᠳᠤᠯᠭ᠎ᠠ ᠶᠢᠨ ᠶᠠᠪᠤᠴᠠ ᠳᠠᠭᠠᠨ ᠬᠡᠪᠴᠢᠶᠡᠯᠡᠭᠳᠡᠯ ᠮᠸᠦ᠋ᠳ᠋ ᠬᠢᠭᠡᠳ ᠬᠠᠭᠠᠰ ᠣᠭᠲᠠᠷᠭᠤᠢ ᠶᠢᠨ ᠮᠸᠦ᠋ᠳ᠋ ᠦᠨ ᠨᠦᠯᠦᠭᠡ ᠶᠢ ᠪᠤᠳᠤᠯᠬᠢᠯᠠᠵᠤ᠂ ᠴᠢᠯᠦᠭᠡᠲᠦ ᠫᠤᠯᠠᠷᠤᠨ ᠤ ᠰᠠᠭᠤᠷᠢ ᠲᠦᠯᠦᠪ ᠦᠨ ᠡᠨᠧᠷᠬᠢ᠂ ᠨᠢᠭᠡᠳᠦᠭᠡᠷ ᠦᠳᠦᠭᠡᠭᠳᠡᠯ ᠲᠦᠯᠦᠪ ᠦᠨ ᠡᠨᠧᠷᠬᠢ ᠬᠢᠭᠡᠳ ᠦᠰᠦᠷᠤᠮᠡᠯ ᠡᠨᠧᠷᠬᠢ ᠨᠢ ᠤᠨᠠᠭᠤᠯᠢ ᠶᠢᠨ ᠦᠷᠭᠡᠨ L ᠶᠢ ᠳᠠᠭᠠᠯᠳᠤᠨ ᠬᠤᠪᠢᠰᠬᠤ ᠬᠠᠷᠢᠴᠠᠭ᠎ᠠ ᠶᠢ ᠦᠭᠭᠦᠭᠳᠡᠵᠡᠢ᠃ ᠲᠤᠭ᠎ᠠ ᠪᠤᠳᠤᠯᠭ᠎ᠠ ᠶᠢᠨ ᠦᠷ᠎ᠡ ᠳ᠋ᠦᠩ ᠦᠨ ᠢᠯᠡᠷᠬᠡᠶᠢᠯᠡᠭᠰᠡᠨ ᠨᠢ᠂ ᠫᠤᠯᠠᠷᠤᠨ ᠤ ᠰᠠᠭᠤᠷᠢ ᠲᠦᠯᠦᠪ ᠦᠨ ᠡᠨᠧᠷᠬᠢ᠂ ᠨᠢᠭᠡᠳᠦᠭᠡᠷ ᠦᠳᠦᠭᠡᠭᠳᠡᠮᠡᠯ ᠲᠦᠯᠦᠪ ᠦᠨ ᠡᠨᠧᠷᠬᠢ ᠬᠢᠭᠡᠳ ᠦᠰᠦᠷᠤᠮᠡᠯ ᠡᠨᠧᠷᠬᠢ ᠨᠢ ᠤᠨᠠᠭᠤᠯᠢ ᠶᠢᠨ ᠦᠷᠭᠡᠨ ᠦ ᠨᠡᠮᠡᠭᠳᠡᠬᠦ ᠶᠢ ᠳᠠᠭᠠᠯᠳᠤᠨ ᠪᠠᠭᠠᠰᠴᠤ᠂ ᠡᠴᠦᠰ ᠲᠡᠭᠡᠨ ᠮᠠᠲ᠋ᠧᠷᠢᠶᠠᠯ CaN᠋ ᠤᠨ ᠭᠤᠷᠪᠠᠨ ᠬᠡᠮᠵᠢᠯᠲᠦ ᠬᠡᠮᠵᠢᠭᠳᠡᠯ ᠲᠡᠢ ᠣᠢᠷᠠᠲᠤᠨ᠎ᠠ᠃ ᠡᠨᠡ ᠬᠦ ᠪᠦᠲᠦᠴᠡ ᠳᠡᠬᠢ ᠡᠯᠧᠺᠲ᠋ᠷᠤᠨ - ᠹᠤᠨᠤᠨ ᠤ ᠬᠠᠷᠢᠯᠴᠠᠨ ᠦᠢᠯᠡᠴᠢᠯᠡᠯ ᠨᠢ ᠫᠤᠯᠠᠷᠤᠨ ᠤ ᠡᠨᠧᠷᠬᠢ ᠶᠢᠨ ᠨᠦᠯᠦᠭᠡ ᠶᠢ ᠲᠤᠢᠯ ᠤᠨ ᠶᠡᠬᠡ ᠪᠤᠯᠭᠠᠬᠤ ᠭᠡᠰᠡᠨ ᠳ᠋ᠦᠩ ᠢ ᠣᠯᠣᠭᠰᠠᠨ ᠪᠠᠢᠨ᠎ᠠ᠃ |
Original Literature |
No Original Paper
|
出自 |
内蒙古师范大学学报(自然科学蒙古文版)
2010年
第3期
|