Paper Information


Title 《ᠰᠤᠷᠪᠤᠯᠵᠢ ᠪᠢᠴᠢᠭ ᠦᠨ ᠡᠷᠢᠯᠲᠡ ᠪᠠ ᠠᠰᠢᠭᠯᠠᠯᠲᠠ》 ᠭᠡᠬᠦ ᠬᠢᠴᠢᠶᠡᠯ ᠦᠨ ᠴᠢᠬᠤᠯᠠ ᠴᠢᠨᠠᠷ ᠬᠢᠭᠡᠳ ᠪᠦᠲᠦᠬᠡᠨ ᠪᠠᠢᠭᠤᠯᠤᠯᠲᠠ ᠶᠢᠨ ᠲᠤᠬᠠᠢ
Creator ᠬᠤ ᠤᠷᠠᠨ
Keyword ᠰᠤᠷᠪᠤᠯᠵᠢ ᠪᠢᠴᠢᠭ; ᠳᠡᠭᠡᠳᠦ ᠰᠤᠷᠭᠠᠭᠤᠯᠢ; ᠵᠢᠭᠠᠨ ᠰᠤᠷᠭᠠᠯᠲᠠ
Abstract ᠰᠤᠷᠪᠤᠯᠵᠢ ᠪᠢᠴᠢᠭ ᠵᠢᠴᠢ ᠰᠤᠷᠪᠤᠯᠵᠢ ᠪᠢᠴᠢᠭ ᠦᠨ ᠡᠷᠢᠯᠲᠡ ᠪᠠ ᠠᠰᠢᠭᠯᠠᠯᠲᠠ ᠭᠡᠳᠡᠭ ᠤᠬᠠᠭᠳᠠᠬᠤᠨ ᠳᠤ ᠳᠦᠭᠦᠮ ᠲᠠᠢᠯᠪᠤᠷᠢ ᠬᠢᠭᠰᠡᠨ ᠰᠠᠭᠤᠷᠢᠨ ᠳᠡᠭᠡᠷ᠎ᠡ᠂ ᠦᠪᠡᠷ ᠦᠨ ᠵᠢᠭᠠᠨ ᠰᠤᠷᠭᠠᠯᠲᠠ ᠶᠢᠨ ᠪᠤᠳᠠᠲᠠᠢ ᠪᠠᠢᠳᠠᠯ ᠲᠠᠢ ᠪᠠᠨ ᠤᠶᠠᠯᠳᠤᠭᠤᠯᠤᠨ᠂ ᠰᠤᠷᠪᠤᠯᠵᠢ ᠪᠢᠴᠢᠭ ᠦᠨ ᠡᠷᠢᠯᠲᠡ ᠪᠡ ᠠᠰᠢᠭᠯᠠᠯᠲᠠ ᠭᠡᠬᠦ ᠬᠢᠴᠢᠶᠡᠯ ᠦᠨ ᠵᠢᠭᠠᠨ ᠰᠤᠷᠭᠠᠬᠤ ᠠᠭᠤᠯᠭ᠎ᠠ ᠪᠠ ᠠᠷᠭ᠎ᠠ ᠠᠪᠴᠢᠯ᠂ ᠵᠢᠭᠠᠨ ᠰᠤᠷᠭᠠᠯᠲᠠ ᠶᠢᠨ ᠴᠢᠬᠤᠯᠠ ᠴᠢᠨᠠᠷ ᠪᠠ ᠪᠦᠲᠦᠬᠡᠨ ᠪᠠᠢᠭᠤᠯᠤᠯᠲᠠ ᠶᠢᠨ ᠲᠤᠬᠠᠢ ᠦᠭᠦᠯᠡᠵᠡᠢ᠃ ᠭᠡᠬᠦ ᠳᠡᠭᠡᠨ ᠲᠤᠰ ᠬᠢᠴᠢᠶᠡᠯ ᠦᠨ ᠳᠡᠭᠡᠳᠦ ᠰᠤᠷᠭᠠᠭᠤᠯᠢ ᠶᠢᠨ ᠰᠤᠷᠤᠭᠴᠢᠳ ᠤᠨ ᠰᠤᠷᠠᠭ ᠵᠠᠩᠭᠢ ᠶᠢᠨ ᠤᠤᠷ ᠴᠢᠨᠰᠠᠭ᠎ᠠ ᠶᠢᠨ ᠰᠤᠷᠭᠠᠨ ᠬᠦᠮᠦᠵᠢᠯ ᠦᠨ ᠭᠤᠤᠯ ᠠᠷᠭ᠎ᠠ ᠵᠠᠮ᠂ ᠰᠢᠨᠵᠢᠯᠡᠬᠦ ᠤᠬᠠᠭᠠᠨ ᠮᠡᠷᠭᠡᠵᠢᠯ ᠦᠨ ᠦᠭᠦᠯᠡᠯ ᠪᠢᠴᠢᠬᠦ ᠶᠢᠨ ᠤᠷᠢᠳᠠᠴᠢ ᠨᠦᠬᠦᠴᠡᠯ᠂ ᠪᠡᠶ ᠡ ᠪᠡᠨ ᠳᠠᠭᠠᠭᠠᠵᠤ ᠦᠪᠡᠷᠲᠡᠭᠡᠨ ᠰᠤᠷᠤᠯᠴᠠᠬᠤ ᠶᠢᠨ ᠰᠠᠭᠤᠷᠢ ᠪᠤᠯᠵᠤ ᠪᠠᠢᠭ᠎ᠠ ᠴᠢᠬᠤᠯᠠ ᠴᠢᠨᠠᠷ ᠢ ᠦᠭᠦᠯᠡᠵᠦ᠂ ᠪᠠᠭᠰᠢ ᠶᠢᠨ ᠡᠩᠨᠡᠭᠡ᠂ ᠵᠢᠭᠠᠬᠤ ᠮᠠᠲ᠋ᠧᠷᠢᠶᠠᠯ ᠪᠠ ᠨᠤᠮ ᠤᠨ ᠰᠠᠩ ᠤᠨ ᠦᠢᠯᠡᠴᠢᠯᠡᠭᠡᠨ ᠦ ᠨᠦᠬᠦᠴᠡᠯ ᠦᠨ ᠪᠦᠲᠦᠬᠡᠨ ᠪᠠᠢᠭᠤᠯᠤᠯᠲᠠ ᠶᠢ ᠴᠢᠬᠤᠯᠠᠴᠢᠯᠠᠬᠤ ᠬᠡᠷᠡᠭᠲᠡᠢ ᠬᠡᠮᠡᠨ ᠳᠤᠷᠠᠳᠴᠠᠢ᠃
Original Literature No Original Paper
出自 内蒙古师范大学学报(自然科学蒙古文版) 2012年 第2期

联系我们


内蒙古大学图书馆
呼和浩特市大学西路235号
中国·内蒙古
P: (0471) 4992561
E: huangfeilong@imu.edu.cn