Title |
ᠤᠰᠤ ᠪᠠᠷ ᠬᠠᠯᠠᠭᠠᠬᠤ ᠠᠷᠭ᠎ᠠ ᠪᠠᠷ ᠨᠠᠨᠤᠮᠧᠲ᠋ᠷ ᠰᠢᠷᠬᠡᠭ ᠋MoO3᠋ ᠢ ᠭᠠᠷᠭᠠᠨ ᠠᠪᠬᠤ ᠪᠠ ᠪᠠᠷᠢᠮᠵᠢᠶᠠᠯᠠᠬᠤ |
Creator |
ᠯᠢᠦ ᠨᠠᠷᠠᠨ |
Keyword |
ᠤᠰᠤ ᠪᠠᠷ ᠬᠠᠯᠠᠭᠠᠬᠤ; MoO3᠋; ᠨᠠᠨᠤᠮᠧᠲ᠋ᠷ ᠰᠢᠷᠬᠡᠭ; ᠪᠠᠷᠢᠮᠵᠢᠶᠠᠯᠠᠬᠤ |
Abstract |
(NH4)6Mo7O24 · 4H2O᠋ ᠪᠠᠷ ᠲᠦᠭᠦᠬᠡᠢ ᠡᠳ᠋ ᠪᠤᠯᠭᠠᠵᠤ᠂ ᠤᠷᠢᠳᠠᠪᠠᠷ pH=5᠋ ᠶᠢᠨ (NH4)6Mo7O24᠋ ᠶᠢᠨ ᠬᠠᠨᠤᠮᠠᠯ ᠠᠭᠤᠰᠤᠮᠠᠯ ᠢ ᠨᠠᠢᠷᠠᠭᠤᠯᠤᠨ ᠪᠡᠯᠡᠳᠭᠡᠵᠦ ᠨᠢᠭᠲᠠ ᠪᠢᠲᠡᠭᠦᠮᠵᠢᠯᠡᠨ ᠰᠦᠯᠢᠶᠤᠤ ᠯᠤᠩᠬᠤᠨ ᠳᠤᠲᠤᠷ᠎ᠠ ᠰᠠᠪᠠᠯᠠᠨ ᠠᠪᠴᠤ ᠲᠠᠰᠤᠭ ᠤᠨ ᠳᠤᠯᠠᠭᠠᠨ ᠳᠤ 46 ᠡᠳᠦᠷ ᠢᠳᠡᠭᠡᠰᠢᠭᠦᠯᠦᠨ᠎ᠡ᠃ ᠳᠠᠬᠢᠨ 2.2moL/L᠋ ᠤᠨ HNO3᠋ ᠤᠨ ᠠᠭᠤᠰᠤᠮᠠᠯ ᠢᠶᠠᠷ pH=0 ᠪᠤᠯᠲᠠᠯ᠎ᠠ ᠲᠤᠬᠢᠷᠠᠭᠤᠯᠵᠤ᠂ ᠤᠰᠤ ᠪᠠᠷ ᠬᠠᠯᠠᠭᠠᠬᠤ ᠠᠷᠭ᠎ᠠ ᠪᠠᠷ 180℃ ᠲᠤ 5 ᠡᠳᠦᠷ ᠲᠠᠯᠠᠰᠵᠢᠭᠤᠯᠤᠭᠠᠳ ᠨᠠᠨᠤᠮᠧᠲ᠋ᠷ ᠰᠢᠷᠬᠡᠭ MoO3᠋ ᠤᠨ ᠪᠦᠲᠦᠭᠡᠭᠳᠡᠭᠦᠨ ᠢ ᠣᠯᠣᠨ᠎ᠠ᠃ XRD᠂ TEM᠂ SEM ᠲᠦᠭᠦᠭᠡᠷᠦᠮᠵᠢ ᠪᠡᠷ ᠪᠦᠲᠦᠭᠡᠭᠳᠡᠭᠦᠨ ᠦ ᠪᠦᠲᠦᠴᠡ ᠪᠡ ᠳᠦᠷᠰᠦ ᠲᠦᠯᠦᠪ ᠢ ᠪᠠᠷᠢᠮᠵᠢᠶᠠᠯᠠᠭᠰᠠᠨ ᠳᠤ ᠪᠦᠲᠦᠭᠡᠭᠳᠡᠭᠦᠨ MoO3᠋ ᠤᠨ ᠮᠦᠬᠦᠯᠢᠭ ᠦᠨ ᠳ᠋ᠢᠶᠠᠮᠧᠲ᠋ᠷ ᠨᠢ 40 ~ 80nm᠋ ᠤᠨ ᠬᠤᠭᠤᠷᠤᠨᠳᠤ ᠪᠠᠢᠵᠤ᠂ ᠤᠷᠲᠤ ᠨᠢ 50 ~ 100μm᠋ ᠤᠨ ᠬᠤᠭᠤᠷᠤᠨᠳᠤ ᠪᠠᠢᠬᠤ ᠶᠢ ᠮᠡᠳᠡᠵᠦ ᠴᠢᠳᠠᠨ᠎ᠠ᠃ |
Original Literature |
No Original Paper
|
出自 |
内蒙古师范大学学报(自然科学蒙古文版)
2015年
第1期
|