Paper Information


Title ᠡᠷᠲᠡᠨ ᠦ ᠮᠣᠩᠭᠤᠯᠴᠤᠳ ᠤᠨ ᠤᠨᠠᠭᠠᠨ ᠪᠠᠭ᠎ᠠ ᠶᠢᠨ ᠪᠡᠶ᠎ᠡ ᠲᠠᠮᠢᠷ ᠤᠨ ᠬᠦᠮᠦᠵᠢᠯ ᠢ ᠰᠢᠨᠵᠢᠯᠡᠬᠦ ᠨᠢ
Creator ᠵᠢᠷᠭᠠᠯ; ᠴᠢᠯᠠᠭᠤ
Keyword ᠮᠣᠩᠭᠤᠯᠴᠤᠳ; ᠤᠨᠠᠭᠠᠨ ᠪᠠᠭ᠎ᠠ; ᠡᠷ᠎ᠡ ᠴᠢᠳᠠᠯ; ᠪᠤᠯᠪᠠᠰᠤᠷᠠᠯ
Abstract ᠦᠨᠳᠦᠰᠦᠲᠡᠨ ᠶᠠᠰᠤᠲᠠᠨ ᠪᠦᠬᠦᠨ ᠦ ᠠᠵᠤ ᠠᠮᠢᠳᠤᠷᠠᠯ᠂ ᠲᠡᠦᠬᠡ ᠰᠤᠶᠤᠯ ᠬᠢᠭᠡᠳ ᠵᠠᠩ ᠠᠭᠠᠯᠢ ᠭᠤᠤ᠎ᠠ ᠰᠠᠢᠬᠠᠨ ᠤ ᠬᠦᠭᠡᠭᠡᠴᠡᠯᠳᠦᠯ ᠨᠢ ᠦᠪᠡᠷ ᠦᠪᠡᠷ ᠦᠨ ᠬᠢ ᠣᠨᠴᠠᠯᠢᠭ ᠪᠠᠢᠭ᠎ᠠ ᠶᠢᠨ ᠤᠴᠢᠷ᠂ ᠬᠡᠦᠬᠡᠳ ᠢᠶᠡᠨ ᠬᠦᠮᠦᠵᠢᠭᠦᠯᠬᠦ ᠠᠷᠭ᠎ᠠ ᠤᠬᠠᠭᠠᠨ ᠤ ᠬᠤᠪᠢ ᠳᠤ ᠴᠤ ᠦᠪᠡᠷ ᠦᠪᠡᠷ ᠦᠨ ᠬᠢ ᠣᠨᠴᠠᠯᠢᠭ ᠪᠠᠢᠭ᠎ᠠ ᠨᠢ ᠶᠠᠷᠢᠶᠠᠨ ᠦᠭᠡᠢ᠃ ᠮᠣᠩᠭᠤᠯᠴᠤᠳ ᠤᠨ ᠬᠡᠦᠬᠡᠳ ᠦᠨ ᠬᠦᠮᠦᠵᠢᠭᠦᠯᠬᠦ ᠵᠠᠩᠰᠢᠯ ᠶᠤᠰᠤᠨ ᠣᠯᠠᠨ ᠲᠦᠷᠦᠯ ᠵᠤᠢᠯ ᠤᠨ ᠪᠦᠭᠡᠳ ᠭᠠᠢᠬᠠᠮᠰᠢᠭᠲᠠᠢ ᠣᠷᠠᠨ ᠨᠠᠷᠢᠨ ᠪᠠᠢᠳᠠᠭ ᠭᠦᠨ ᠤᠬᠠᠭᠠᠯᠢᠭ ᠵᠦᠢ ᠵᠢᠷᠦᠮ ᠨᠢ ᠳᠡᠯᠡᠬᠡᠢ ᠶᠢᠨ ᠬᠦᠮᠦᠰ ᠦᠨ ᠠᠩᠬᠠᠷᠤᠯ ᠳᠤ ᠣᠷᠤᠭᠰᠠᠭᠠᠷ ᠢᠷᠡᠭᠰᠡᠨ ᠭᠡᠳᠡᠭ ᠢ ᠮᠠᠨ ᠤ ᠦᠶ᠎ᠡ ᠳᠦ ᠦᠯᠡᠳᠡᠭᠳᠡᠵᠦ ᠢᠷᠡᠭᠰᠡᠨ ᠰᠤᠷᠪᠤᠯᠵᠢ ᠪᠢᠴᠢᠭ ᠪᠤᠶᠤ ᠵᠢᠭᠤᠯᠴᠢᠯᠠᠯ ᠤᠨ ᠲᠡᠮᠳᠡᠭᠯᠡᠯ ᠦᠳ ᠭᠡᠷᠡᠴᠢᠯᠡᠵᠦ ᠪᠠᠢᠭ᠎ᠠ ᠠᠵᠢ᠃ ᠦᠭᠦᠯᠡᠯ ᠳᠦ ᠮᠣᠩᠭᠤᠯᠴᠤᠳ ᠬᠡᠦᠬᠡᠳ ᠢᠶᠡᠨ ᠡᠷ᠎ᠡ ᠴᠢᠳᠠᠯ᠂ ᠪᠡᠶ ᠡ ᠮᠠᠬᠠᠪᠤᠳ ᠤᠨ ᠲᠠᠯ᠎ᠠ ᠪᠠᠷ ᠬᠡᠷᠬᠢᠨ ᠬᠦᠮᠦᠵᠢᠭᠦᠯᠳᠡᠭ ᠪᠠᠢᠭᠰᠠᠨ᠂ ᠳᠠᠷᠤᠢ ᠤᠨᠠᠭᠠᠨ ᠪᠠᠭ᠎ᠠ ᠶᠢᠨ ᠡᠷ᠎ᠡ ᠴᠢᠳᠠᠯ ᠤᠨ ᠪᠤᠯᠪᠠᠰᠤᠷᠠᠯ ᠢ ᠬᠡᠷᠬᠢᠨ ᠬᠢᠳᠡᠭ ᠪᠠᠢᠭᠰᠠᠨ ᠲᠤᠬᠠᠢ ᠪᠡᠶ᠎ᠡ ᠲᠠᠮᠢᠷ ᠤᠨ ᠤᠬᠠᠭᠠᠨ ᠤ ᠲᠠᠯ᠎ᠠ ᠠᠴᠠ ᠠᠵᠢᠭᠯᠠᠨ᠂ ᠳᠡᠯᠭᠡᠷᠡᠭᠦᠯᠵᠦ ᠦᠭᠦᠯᠡᠬᠦ ᠶᠢ ᠵᠤᠷᠢᠵᠠᠢ᠃
Original Literature No Original Paper
出自 内蒙古师范大学学报(自然科学蒙古文版) 2014年 第1期

联系我们


内蒙古大学图书馆
呼和浩特市大学西路235号
中国·内蒙古
P: (0471) 4992561
E: huangfeilong@imu.edu.cn