论文信息


题名 ᠮᠣᠩᠭᠤᠯ ᠬᠡᠯᠡᠨ ᠦ 《ᠰᠠᠢᠨ — ᠮᠠᠭᠤ》 ᠭᠡᠬᠦ ᠡᠰᠡᠷᠭᠦ ᠤᠳᠬᠠᠲᠤ ᠦᠭᠡ ᠪᠡᠷ ᠪᠦᠲᠦᠭᠰᠡᠨ ᠵᠤᠢᠷ ᠰᠡᠴᠡᠨ ᠦᠭᠡ ᠶᠢ ᠰᠢᠨᠵᠢᠯᠡᠬᠦ ᠨᠢ
作者 ᠪᠤᠭᠴᠤ; ᠰᠠᠴᠤᠷᠠᠭ
关键词 ᠰᠠᠢᠨ — ᠮᠠᠭᠤ; ᠡᠰᠡᠷᠭᠦ ᠤᠳᠬᠠᠲᠤ ᠦᠭᠡ; ᠵᠤᠢᠷ ᠰᠡᠴᠡᠨ ᠦᠭᠡ
摘要 ᠮᠣᠩᠭᠤᠯ ᠬᠡᠯᠡᠨ ᠳᠦ 《ᠰᠠᠢᠨ — ᠮᠠᠭᠤ》 ᠭᠡᠬᠦ ᠡᠰᠡᠷᠭᠦ ᠤᠳᠬᠠᠲᠤ ᠦᠭᠡᠨ ᠳᠦ ᠰᠠᠭᠤᠷᠢᠯᠠᠵᠤ ᠪᠦᠲᠦᠭᠰᠡᠨ ᠵᠤᠢᠷ ᠰᠡᠴᠡᠨ ᠦᠭᠡ ᠦᠯᠡᠮᠵᠢ ᠪᠠᠶᠠᠯᠢᠭ ᠪᠠᠢᠵᠤ᠂ ᠮᠣᠩᠭᠤᠯ ᠬᠡᠯᠡᠨ ᠦ ᠢᠷᠠᠭᠤ ᠤᠷᠤᠰᠤᠮ᠎ᠠ ᠪᠠ ᠢᠯᠡᠳᠭᠡᠬᠦ ᠴᠢᠳᠠᠪᠤᠷᠢ ᠶᠢᠨ ᠭᠠᠢᠬᠠᠮᠰᠢᠭ ᠢ ᠬᠠᠷᠠᠭᠤᠯᠵᠤ ᠪᠤᠢ᠃ ᠲᠤᠰ ᠦᠭᠦᠯᠡᠯ ᠳᠦ᠂ ᠮᠣᠩᠭᠤᠯ ᠬᠡᠯᠡᠨ ᠦ 《ᠰᠠᠢᠨ — ᠮᠠᠭᠤ》 ᠬᠡᠮᠡᠬᠦ ᠡᠰᠡᠷᠭᠦ ᠤᠳᠬᠠᠲᠤ ᠦᠭᠡᠨ ᠳᠦ ᠰᠠᠭᠤᠷᠢᠯᠠᠵᠤ ᠪᠦᠲᠦᠭᠡᠭᠳᠡᠭᠰᠡᠨ ᠵᠤᠢᠷ ᠰᠡᠴᠡᠨ ᠦᠭᠡ ᠶᠢ ᠵᠠᠳᠠᠯᠤᠨ ᠰᠢᠨᠵᠢᠯᠡᠵᠦ᠂ ᠲᠡᠷᠡ ᠨᠢ ᠭᠤᠤᠯᠳᠠᠭᠤ ᠰᠠᠢᠨ ᠰᠠᠢᠬᠠᠨ᠂ ᠲᠦᠪ ᠭᠤᠤᠯᠴᠢ᠂ ᠦᠨᠡᠨᠴᠢ ᠰᠢᠳᠤᠷᠭᠤ᠂ ᠡᠷᠳᠡᠮ ᠤᠬᠠᠭᠠᠨ᠂ ᠮᠠᠨᠳᠤᠯ ᠬᠦᠭᠵᠢᠯ᠂ ᠦᠭᠡᠳᠡᠯ ᠳᠡᠪᠰᠢᠯ᠂ ᠠᠵᠢᠯᠴᠢ ᠬᠦᠳᠡᠯᠮᠦᠷᠢᠴᠢ᠂ ᠴᠠᠢᠯᠭᠠᠨ ᠰᠡᠳᠬᠢᠯ᠂ ᠡᠨᠡᠷᠢᠯ ᠠᠴᠢ᠂ ᠵᠤᠷᠢᠭ ᠰᠦᠰᠦ᠂ ᠨᠡᠷ᠎ᠡ ᠠᠯᠳᠠᠷ ᠵᠡᠷᠭᠡ ᠶᠢ ᠦᠨᠡᠯᠡᠨ ᠮᠠᠭᠲᠠᠵᠤ᠂ ᠡᠷᠬᠢᠮᠨᠡᠨ ᠳᠡᠭᠡᠳᠦᠯᠡᠵᠦ᠂ ᠤᠬᠠᠭᠤᠯᠤᠨ ᠰᠤᠷᠲᠠᠯᠴᠢᠯᠠᠵᠤ᠂ ᠮᠠᠭᠤ ᠮᠠᠭᠤᠬᠠᠢ᠂ ᠪᠤᠵᠠᠷ ᠪᠤᠯᠭᠢ᠂ ᠭᠠᠵᠢᠭᠤ ᠪᠤᠷᠤᠭᠤ᠂ ᠳᠤᠷᠤᠢ ᠨᠤᠮᠤᠢ᠂ ᠬᠠᠱᠠᠩ ᠵᠠᠯᠬᠠᠭᠤ᠂ ᠵᠢᠰᠦᠷ ᠵᠠᠯᠢᠬᠠᠢ᠂ ᠤᠷᠤᠭᠤᠳᠠᠯ ᠳᠤᠷᠤᠢᠲᠠᠯ᠂ ᠬᠤᠷᠤᠨ ᠰᠠᠨᠠᠭ᠎ᠠ ᠵᠡᠷᠭᠡ ᠶᠢ ᠪᠤᠷᠤᠭᠤᠰᠢᠶᠠᠨ ᠰᠢᠭᠦᠮᠵᠢᠯᠡᠵᠦ᠂ ᠳᠡᠪᠴᠢᠵᠦ ᠣᠷᠬᠢᠬᠤ ᠶᠢ ᠰᠠᠨᠠᠭᠠᠴᠢᠯᠠᠭᠰᠠᠨ ᠰᠠᠨᠠᠭ᠎ᠠ ᠤᠳᠬ᠎ᠠ ᠠᠭᠤᠯᠤᠭᠳᠠᠵᠤ ᠪᠠᠢᠬᠤ ᠶᠢ ᠲᠤᠳᠤᠷᠠᠭᠤᠯᠤᠭᠰᠠᠨ ᠪᠠᠢᠨ᠎ᠠ᠃
原文 查看原文
出自 中国蒙古学 2016年 第2期

联系我们


内蒙古大学图书馆
呼和浩特市大学西路235号
中国·内蒙古
P: (0471) 4992561
E: huangfeilong@imu.edu.cn