论文信息


题名 《ᠬᠡᠦᠳᠡᠮ ᠦᠨ ᠳᠤᠮᠤᠭ》᠋ ᠤᠨ ᠲᠤᠬᠠᠢ ᠲᠤᠭᠲᠠᠮ ᠰᠢᠨᠵᠢᠯᠡᠭᠡ
作者 ᠠ‍᠂ ᠱᠤᠩ᠋ᠬᠤᠷ
关键词 《ᠬᠡᠦᠳᠡᠮ ᠦᠨ ᠳᠤᠮᠤᠭ》; ᠭᠤᠤᠯ ᠠᠭᠤᠯᠭ᠎ᠠ ᠶᠢᠨ ᠬᠤᠷᠢᠶᠠᠩ᠋ᠭᠤᠢ; ᠳᠤᠮᠤᠭ ᠤᠨ ᠢᠷᠡᠯᠲᠡ; ᠰᠢᠭᠦᠮᠵᠢᠯᠡᠯ
摘要 ᠪᠤᠷᠬᠠᠨ ᠤ ᠱᠠᠰᠢᠨ ᠯᠦᠭ᠎ᠠ ᠬᠤᠯᠪᠤᠭᠳᠠᠯ ᠪᠦᠬᠦᠢ ᠡᠨᠡᠳᠬᠡᠭ᠌ ᠲᠦᠪᠡᠳ ᠦᠨ ᠳᠤᠮᠤᠭ ᠦᠯᠢᠭᠡᠷ ᠦᠳ ᠨᠢ ᠪᠤᠷᠬᠠᠨ ᠤ ᠱᠠᠰᠢᠨ ᠮᠣᠩ᠋ᠭᠤᠯ ᠣᠷᠤᠨ ᠳᠤ ᠳᠡᠯᠭᠡᠷᠡᠬᠦ ᠶᠢ ᠳᠠᠭᠠᠯᠳᠤᠨ ᠮᠣᠩ᠋ᠭᠤᠯ ᠰᠤᠶᠤᠯ ᠳᠤ ᠨᠡᠪᠲᠡᠷᠡᠨ ᠣᠷᠤᠵᠤ᠂ ᠮᠣᠩ᠋ᠭᠤᠯ ᠰᠤᠶᠤᠯ ᠢ ᠪᠠᠶᠠᠯᠢᠭᠵᠢᠭᠤᠯᠵᠤ ᠬᠦᠭ᠍ᠵᠢᠭᠦᠯᠦᠭᠰᠡᠨ ᠪᠠᠢ᠌ᠭ᠎ᠠ᠃ 《ᠬᠡᠦᠳᠡᠮ ᠦᠨ ᠳᠤᠮᠤᠭ》ᠪᠤᠯ ᠶᠠᠭ ᠡᠢ᠌ᠮᠦᠷᠭᠦᠦ ᠬᠠᠷᠢ ᠭᠠᠷᠤᠯ ᠲᠠᠢ ᠪᠦᠭᠡᠳ ᠮᠣᠩ᠋ᠭᠤᠯ ᠣᠷᠤᠨ ᠳᠤ ᠲᠦᠭᠡᠮᠡᠯ ᠳᠡᠯᠭᠡᠷᠡᠭᠰᠡᠨ ᠳᠤᠮᠤᠭ ᠤᠨ ᠨᠢᠭᠡ ᠪᠤᠯᠤᠨ᠎ᠠ᠃ 《ᠬᠡᠦᠳᠡᠮ ᠦᠨ ᠳᠤᠮᠤᠭ》ᠨᠢ ᠵᠦᠪᠬᠡᠨ ᠪᠤᠷᠬᠠᠨ ᠤ ᠱᠠᠰᠢᠨ ᠤ ᠴᠤᠮᠤᠷᠯᠢᠭ ᠬᠡᠮᠡᠭᠳᠡᠭᠰᠡᠨ 《ᠭᠠᠨᠵᠤᠤᠷ》ᠪᠠ 《ᠳᠠᠨᠵᠤᠤᠷ》ᠲᠤ ᠲᠡᠮᠳᠡᠭᠯᠡᠭᠳᠡᠭᠰᠡᠨ ᠲᠡᠳᠦᠢ ᠯᠡ ᠪᠤᠰᠤ᠂ ᠡᠳᠦᠢ ᠲᠡᠳᠦᠢ ᠮᠣᠩ᠋ᠭᠤᠯ ᠲᠡᠦᠬᠡᠨ ᠪᠢᠴᠢᠭ᠌ ᠦᠳ ᠲᠦ ᠲᠤᠪᠴᠢ ᠳᠡᠯᠭᠡᠷᠡᠩᠭᠦᠢ ᠣᠯᠠᠨ ᠵᠤᠢ᠌ᠯ ᠤᠨ ᠬᠤᠪᠢᠯᠪᠤᠷᠢ ᠪᠠᠷ ᠮᠠᠨ ᠳᠤ ᠤᠯᠠᠮᠵᠢᠯᠠᠭᠳᠠᠨ ᠢᠷᠡᠯ᠎ᠡ᠃ ᠡᠨᠳᠡ ᠶᠡᠬᠡ ᠮᠣᠩ᠋ᠭᠤᠯ ᠤᠯᠤᠰ ᠤᠨ ᠦᠶ᠎ᠡ ᠪᠡᠷ 《ᠴᠢᠬᠢᠨ ᠦ ᠴᠢᠮᠡᠭ》ᠲᠦ ᠡᠮᠬᠢᠳᠭᠡᠭ᠍ᠳᠡᠨ ᠣᠷᠤᠭᠰᠠᠨ 《ᠬᠡᠦᠳᠡᠮ ᠦᠨ ᠳᠤᠮᠤᠭ》᠋ ᠢᠶᠠᠷ ᠭᠤᠤᠯ ᠪᠤᠯᠭᠠᠵᠤ᠂ 《ᠬᠡᠦᠳᠡᠮ ᠦᠨ ᠳᠤᠮᠤᠭ》ᠲᠤ ᠢᠯᠡᠷᠡᠭᠰᠡᠨ ᠭᠤᠤᠯ ᠳᠦᠷᠢ᠂ ᠦᠯᠢᠭᠡᠷ ᠦᠢᠯᠡ ᠶᠠᠪᠤᠳᠠᠯ᠂ ᠭᠤᠤᠯ ᠠᠭᠤᠯᠭ᠎ᠠ ᠶᠢᠨ ᠬᠤᠷᠢᠶᠠᠩ᠋ᠭᠤᠢ᠂ ᠰᠤᠯᠠ ᠰᠢᠭᠦᠮᠵᠢᠯᠡᠯ᠂ ᠳᠤᠮᠤᠭ ᠤᠨ ᠢᠷᠡᠯᠲᠡ ᠵᠡᠷᠭᠡ ᠲᠠᠪᠤᠨ ᠲᠠᠯ᠎ᠠ ᠪᠠᠷ ᠦᠭᠦᠯᠡᠭᠰᠡᠨ ᠪᠦᠭᠡᠳ ᠢᠯᠠᠩ᠋ᠭᠤᠶ᠎ᠠ ᠳᠤᠮᠤᠭ ᠲᠤ ᠳᠤᠰᠬᠠᠭᠳᠠᠭᠰᠠᠨ ᠲᠤᠬᠠᠢ ᠶᠢᠨ ᠦᠶ᠎ᠡ ᠶᠢᠨ ᠰᠢᠨᠵᠢᠯᠡᠬᠦ ᠤᠬᠠᠭᠠᠨ ᠤ ᠬᠦᠭ᠍ᠵ᠍ᠢᠯᠲᠡ ᠶᠢ ᠬᠠᠷᠠᠭᠤᠯᠤᠭᠰᠠᠨ ᠵᠤᠢ᠌ᠯ ᠪᠠ ᠲᠡᠭᠰᠢ ᠪᠤᠰᠤ ᠨᠡᠢ᠌ᠭᠡᠮ ᠢ ᠵᠠᠭᠠᠯᠳᠤᠭᠰᠠᠨ᠂ ᠬᠦᠮᠦᠨ ᠴᠢᠨᠠᠷ ᠤᠨ ᠰᠡᠭᠦᠳᠡᠷᠲᠦ ᠲᠠᠯ᠎ᠠ ᠶᠢ ᠰᠢᠭᠦᠮᠵᠢᠯᠡᠨ ᠢᠯᠡᠴᠢᠡᠭᠰᠡᠨ ᠵᠤᠢ᠌ᠯ ᠢ ᠳᠤᠪᠤᠢ᠌ᠯᠭᠠᠨ ᠰᠢᠨᠵᠢᠯᠡᠭᠰᠡᠨ ᠪᠠᠢ᠌ᠨ᠎ᠠ᠃
原文 查看原文
出自 中国蒙古学 2012年 第6期

联系我们


内蒙古大学图书馆
呼和浩特市大学西路235号
中国·内蒙古
P: (0471) 4992561
E: huangfeilong@imu.edu.cn