论文信息


题名 ᠰᠸᠠᠳᠢᠱ ᠤᠨ ᠬᠤᠶᠠᠷ ᠵᠠᠭᠤᠨ ᠴᠦᠮ ᠡ ᠦᠭᠡ ᠶᠢᠨ ᠪᠤᠤ ᠠᠨ ᠬᠡᠯᠡᠨ ᠳᠡᠬᠢ ᠬᠡᠷᠡᠭᠯᠡᠭᠡᠨ ᠦ ᠪᠠᠢᠳᠠᠯ
作者 ᠴᠡᠪᠡᠷᠬᠠᠰ
关键词 ᠰᠸᠠᠳᠢᠱ ᠤᠨ 200 ᠴᠦᠮ᠎ᠡ ᠦᠭᠡ; ᠪᠤᠤ ᠠᠨ ᠬᠡᠯᠡ ᠪᠡ ᠮᠣᠩᠭᠤᠯ ᠬᠡᠯᠡ; ᠢᠵᠢᠯᠢ ᠭᠠᠷᠤᠯ ᠲᠠᠢ ᠦᠭᠡ
摘要 ᠪᠢᠳᠡ ᠠᠮᠧᠷᠢᠺᠠ ᠶᠢᠨ ᠬᠡᠯᠡ ᠰᠢᠨᠵᠢᠯᠡᠯ ᠦᠨ ᠡᠷᠳᠡᠮᠲᠡᠨ ᠰᠸᠠᠳᠢᠱ ᠤᠨ 200 ᠴᠦᠮ᠎ᠡ ᠦᠭᠡ ᠳᠦ ᠰᠠᠭᠤᠷᠢᠯᠠᠨ ᠡᠳᠡᠭᠡᠷ ᠦᠭᠰ ᠦᠨ ᠪᠤᠤ ᠠᠨ ᠬᠡᠯᠡᠨ ᠳᠡᠬᠢ ᠬᠡᠷᠡᠭᠯᠡᠭᠡᠨ ᠦ ᠪᠠᠢᠳᠠᠯ ᠳᠤ ᠪᠠᠢᠴᠠᠭᠠᠯᠲᠠ ᠬᠢᠪᠡ᠃ ᠪᠤᠤ ᠠᠨ ᠬᠡᠯᠡᠨ ᠦ 200 ᠴᠦᠮ᠎ᠡ ᠦᠭᠡ ᠶᠢ ᠶᠡᠬᠡ ᠲᠦᠯᠦᠪ ᠪᠤᠤ ᠠᠨ ᠬᠡᠯᠡᠨ ᠦ ᠲᠤᠰᠠᠭᠠᠷ ᠦᠭᠡ ᠪᠤᠶᠤ ᠭᠠᠷᠤᠯ ᠢ ᠨᠢ ᠲᠤᠳᠤᠯᠠᠵᠤ ᠴᠢᠳᠠᠭ᠎ᠠ ᠦᠭᠡᠢ ᠦᠭᠡ᠂ ᠵᠢᠭᠡᠯᠡᠭᠡ ᠦᠭᠡ᠂ ᠮᠣᠩᠭᠤᠯ ᠬᠡᠯᠡ ᠯᠦᠭᠡ ᠢᠵᠢᠯᠢ ᠭᠠᠷᠤᠯ ᠲᠠᠢ ᠦᠭᠡ ᠭᠡᠵᠦ ᠭᠤᠷᠪᠠᠨ ᠶᠡᠬᠡ ᠲᠦᠷᠦᠯ ᠳᠦ ᠠᠩᠭᠢᠯᠠᠨ ᠦᠵᠡᠵᠦ ᠪᠤᠯᠤᠨ᠎ᠠ᠃ ᠪᠤᠤ ᠠᠨ ᠬᠡᠯᠡᠨ ᠦ 200 ᠴᠦᠮ᠎ᠡ ᠦᠭᠡ ᠶᠢᠨ ᠳᠤᠲᠤᠷ᠎ᠠ ᠪᠤᠤ ᠠᠨ ᠬᠡᠯᠡᠨ ᠦ ᠲᠤᠰᠠᠭᠠᠷ ᠦᠭᠡ ᠪᠤᠶᠤ ᠭᠠᠷᠤᠯ ᠢ ᠨᠢ ᠲᠤᠳᠤᠯᠠᠵᠤ ᠴᠢᠳᠠᠭ᠎ᠠ ᠦᠭᠡᠢ ᠦᠭᠡ 11 ᠵᠤᠷᠪᠤᠰ ᠪᠠᠢᠵᠤ ᠪᠦᠬᠦ ᠴᠦᠮ᠎ᠡ ᠦᠭᠡᠰ ᠦᠨ 5.5% ᠶᠢ ᠡᠵᠡᠯᠡᠵᠦ᠂ ᠵᠢᠭᠡᠯᠡᠭᠡ ᠦᠭᠡ 38 ᠵᠤᠷᠪᠤᠰ ᠪᠠᠢᠵᠤ ᠪᠦᠬᠦ ᠴᠦᠮ᠎ᠡ ᠦᠭᠡᠰ ᠦᠨ 19% ᠶᠢ ᠡᠵᠡᠯᠡᠵᠦ᠂ ᠮᠣᠩᠭᠤᠯ ᠬᠡᠯᠡ ᠯᠦᠭᠡ ᠢᠵᠢᠯᠢ ᠭᠠᠷᠤᠯ ᠲᠠᠢ ᠦᠭᠡ 151 ᠵᠤᠷᠪᠤᠰ ᠪᠠᠢᠵᠤ ᠪᠦᠬᠦ ᠴᠦᠮ᠎ᠡ ᠦᠭᠡᠰ ᠦᠨ 75.5% ᠶᠢ ᠡᠵᠡᠯᠡᠵᠦ ᠪᠠᠢᠨ᠎ᠠ᠃ ᠮᠣᠩᠭᠤᠯ ᠬᠡᠯᠡ ᠲᠠᠢ ᠢᠵᠢᠯᠢ ᠭᠠᠷᠤᠯ ᠲᠠᠢ ᠪᠤᠤ ᠠᠨ ᠬᠡᠯᠡᠨ ᠦ ᠦᠭᠡᠰ ᠨᠢ ᠠᠪᠢᠶ᠎ᠠ ᠪᠠ ᠤᠳᠬ᠎ᠠ ᠶᠢᠨ ᠲᠠᠯ᠎᠎ᠠ ᠪᠠᠷ ᠮᠣᠩᠭᠤᠯ ᠬᠡᠯᠡ ᠯᠦᠭᠡ ᠰᠢᠰᠲ᠋ᠧᠮ ᠲᠡᠢ ᠴᠢᠩᠭ᠍᠎᠍ᠠ ᠲᠤᠬᠢᠷᠠᠯᠴᠠᠭ᠎ᠠ ᠢᠯᠡᠷᠡᠵᠦ ᠪᠠᠢᠬᠤ ᠪᠠᠷ ᠦᠯᠦ ᠪᠠᠷᠠᠨ ᠮᠣᠩᠭᠤᠯ ᠬᠡᠯᠡᠨ ᠦ ᠡᠷᠲᠡᠨ ᠦ ᠡᠯᠧᠮᠧᠨ᠋ᠲ ᠢ ᠴᠤ ᠵᠤᠬᠢᠬᠤ ᠬᠡᠮᠵᠢᠶ᠎ᠡ ᠪᠡᠷ ᠬᠠᠳᠠᠭᠠᠯᠠᠵᠤ ᠪᠤᠢ᠃
原文 查看原文
出自 中国蒙古学 2016年 第2期

联系我们


内蒙古大学图书馆
呼和浩特市大学西路235号
中国·内蒙古
P: (0471) 4992561
E: huangfeilong@imu.edu.cn