摘要 |
ᠰᠦᠨ᠋᠋ᠢᠳ ᠠᠢᠮᠠᠭ ᠪᠤᠯ ᠮᠤᠩᠭᠤᠯ ᠤᠨ ᠡᠷᠳᠡᠨ ᠤ ᠨᠢᠭᠡ ᠬᠦᠴᠦᠷᠭᠡᠭ ᠠᠢᠮᠭᠠ ᠶᠤᠮ᠃ ᠮᠤᠩᠭᠤᠯ ᠤᠨ ᠲᠡᠤᠬᠡ ᠶᠢᠨ ᠴᠢᠬᠤᠯᠠ ᠲᠤᠯᠭ᠋ᠤᠷ ᠪᠢᠴᠢᠭ ᠤᠨ ᠨᠢᠭᠡ ᠪᠤᠯᠬᠤ 《 ᠮᠤᠩᠭᠤᠯ ᠤᠨ ᠨᠢᠭ᠋ᠤᠴᠠ ᠲᠤᠪᠴᠢᠶᠠᠨ》 ᠳᠤ《 ᠁ᠴᠠᠤᠵᠢᠨ ᠤᠷᠳᠠᠭ᠋ᠠᠢ ᠶᠢᠨ ᠬᠦᠪᠡᠬᠦᠳ ᠤᠷᠤᠨ᠋ᠠᠷ᠂ ᠬᠤᠩᠬᠤᠳᠠᠨ᠂ ᠠᠷᠠᠯᠠᠳ᠂ ᠰᠦᠨ᠋ᠢᠳ᠂ ᠬᠠᠪᠳᠤᠷᠬᠠᠰ᠂ ᠬᠡᠨ᠋ᠢᠭᠡᠰ ᠤᠪᠤᠭᠳᠠᠨ ᠲᠠᠳᠠ ᠪᠤᠯᠪᠠ》 ᠭᠡᠵᠦ ᠲᠠᠮᠳᠡᠭᠯᠡᠭᠰᠡᠨ ᠪᠠᠢᠳᠠᠭ ᠨᠢ ᠪᠠᠷᠤᠭ 11ᠵᠠᠭ᠋ᠤᠨ ᠤ ᠦᠶᠡ ᠶᠢᠨ ᠶᠠᠪᠤᠳᠠᠯ ᠢ ᠬᠡᠯᠡᠵᠦ ᠪᠠᠢᠭᠠ ᠪᠤᠯᠪᠠᠴᠦ ᠦᠨ᠋ᠡᠨ ᠳ᠋ᠡᠭᠡᠨ ᠰᠦᠨ᠋ᠢᠳ ᠠᠢᠮᠠᠭ ᠨᠢ ᠮᠤᠩᠭᠤᠯ ᠤᠨ ᠦᠨᠳᠤᠷᠯᠢᠭ᠌ ᠲᠠᠬᠢ ᠨᠡᠬᠦᠳᠡᠯᠴᠢᠨ ᠠᠢᠮᠠᠭ ᠤᠨ ᠲᠤᠮᠳᠠ ᠶᠠᠭᠡ ᠡᠷᠳᠡ ᠡᠴᠨ ᠲᠤᠮᠤ ᠠᠢᠮᠠᠭ ᠤᠭᠰᠠᠭᠠ ᠶᠤᠮ᠃ ᠰᠦᠨ᠋ᠢᠳ ᠠᠢᠮᠠᠭ ᠤᠨ ᠠᠬᠠᠯᠠᠭᠴᠢ ᠬᠢᠯᠦᠭᠡᠨ ᠪᠠᠭ᠋ᠠᠳᠤᠷ ᠢ 《 ᠠᠯᠳᠠᠨ ᠬᠦᠷᠳᠤᠨ ᠮᠢᠩᠬ᠋ᠠᠨ ᠬᠡᠬᠡᠰᠤᠳᠤ》ᠬᠡᠮᠡᠬᠦ ᠲᠠᠤᠭᠡᠨ ᠰᠤᠳᠤᠷ ᠲᠤ《 ᠰᠦᠨ᠋ᠢᠳ ᠲᠦᠮᠡᠨ ᠢ ᠲᠠᠭ᠋ᠠᠭᠭ᠋ᠠᠭᠰᠠᠨ ᠬᠢᠯᠦᠭᠡᠳᠡᠢ ᠪᠠᠭ᠋ᠠᠳᠤᠷ》 ᠬᠡᠮᠡᠨ ᠲᠡᠮᠳᠡᠭᠯᠡᠵᠦ ᠪᠠᠢᠳᠠᠭ ᠃《 ᠬᠠᠳ ᠤᠨ ᠦᠨᠳᠤᠰᠤᠨ ᠤ ᠬᠤᠷᠢᠶᠠᠩᠭᠤᠢ ᠠᠯᠳᠠᠨ ᠲᠤᠪᠴᠢ》 ᠳᠤ《ᠰᠦᠨ᠋ᠢᠳ ᠤᠨ ᠰᠠᠢᠨ ᠬᠢᠯᠤᠭᠡᠳᠡᠢ ᠪᠠᠭ᠋ᠠᠳᠤᠷ》ᠬᠡᠮᠡᠨ ᠲᠡᠮᠳᠡᠭᠯᠡᠵᠦ ᠪᠤᠢ᠃ ᠬᠢᠯᠤᠭᠡᠳᠡᠢ ᠶᠢᠨ《 ᠳ᠋ᠠᠢ 》ᠭᠡᠳᠡᠭ ᠨᠢ ᠡᠷᠳᠡ ᠦᠶᠡ ᠳᠤ ᠪᠠᠭ᠋ᠠᠳᠤᠷ ᠰᠠᠢᠨ ᠡᠷᠡ ᠪᠤᠶᠤ ᠡᠷᠬᠢᠮ ᠲᠡᠭᠡᠳᠤᠰ ᠤᠨ ᠨᠡᠷᠡ ᠶᠢᠨ ᠲᠤᠤᠷᠠ ᠬᠦᠨᠳᠤᠳᠭᠡᠯ ᠤᠨ ᠤᠳᠬᠠ ᠪᠡᠷ 《 ᠳ᠋ᠠᠢ》 ᠲᠠᠭ᠋ᠠᠭ᠋ᠤᠯᠳᠠᠭ(ᠡᠬᠦᠨ ᠲᠠᠢ ᠠᠳᠠᠯᠢ ᠪᠠᠷ ᠡᠷᠬᠢᠮ ᠬᠠᠳᠤᠳ ᠪᠤᠶᠤ ᠰᠤᠷᠪᠤᠯᠵᠢᠳᠤ ᠤᠭᠰᠠᠭ᠋ᠠᠨ ᠤ ᠠᠪᠠᠬᠠᠢ ᠶᠢᠨ ᠨᠡᠷᠡ ᠶᠢᠨ ᠲᠤᠤᠷᠠ ᠮᠦᠨ《ᠴᠢᠨ》 ᠲᠠᠭ᠋ᠠᠭ᠋ᠤᠯᠳᠠᠭ ᠪᠠᠢᠭᠰᠠᠨ) ᠡᠴᠨ ᠬᠢᠯᠦᠭᠡᠨ ᠪᠠᠭ᠋ᠠᠳᠤᠷ ᠢ ᠡᠷᠬᠦᠮᠵᠢᠯᠡᠨ ᠲᠠᠭ᠋ᠤᠳᠠᠭᠰᠠᠨ ᠠᠯᠳᠠᠷ ᠪᠤᠯᠤᠭᠰᠠᠠ ᠪᠠᠢᠨᠠ᠃ |