论文信息


题名 ᠴᠢᠩᠭᠢᠰ ᠬᠠᠭᠠᠨ ᠤ 《ᠶᠡᠬᠡ ᠵᠠᠰᠠᠭ》 ᠤᠨ ᠦᠨᠳᠦᠰᠦᠨ ᠬᠡᠳᠦᠨ ᠠᠰᠠᠭᠤᠳᠠᠯ ᠤᠨ ᠲᠤᠬᠠᠢ
作者 ᠵᠢᠨ ᠠᠯᠲᠠᠨᠰᠦ᠋ᠬᠡ
关键词 ᠴᠢᠩᠭᠢᠰ ᠬᠠᠭᠠᠨ; ᠶᠡᠬᠡ ᠵᠠᠰᠠᠭ; ᠰᠤᠷᠪᠤᠯᠵᠢ; ᠰᠢᠨᠵᠢ ᠴᠢᠨᠠᠷ; ᠠᠴᠢ ᠬᠤᠯᠪᠤᠭᠳᠠᠯ
摘要 ᠴᠢᠩᠭᠢᠰ ᠬᠠᠭᠠᠨ ᠤ 《ᠶᠡᠬᠡ ᠵᠠᠰᠠᠭ》 ᠪᠤᠯ ᠮᠣᠩᠭᠤᠯ ᠦᠨᠳᠦᠰᠦᠲᠡᠨ ᠦ ᠬᠠᠮᠤᠭ ᠠᠩᠬᠠᠨ ᠤ ᠪᠢᠴᠢᠭᠯᠡᠭᠰᠡᠨ ᠬᠠᠤᠯᠢ ᠴᠠᠭᠠᠵᠠ ᠪᠠᠢᠵᠤ᠂ ᠲᠤᠬᠠᠢ ᠶᠢᠨ ᠦᠶ ᠡ ᠶᠢᠨ ᠮᠣᠩᠭᠤᠯ ᠤᠨ ᠨᠡᠢᠭᠡᠮ ᠦᠨ ᠡᠯ ᠡ ᠵᠤᠢᠯ ᠤᠨ ᠬᠠᠷᠢᠴᠠᠭ᠎ᠠ  ᠶᠢ ᠵᠤᠬᠢᠴᠠᠭᠤᠯᠬᠤ ᠬᠠᠮᠤᠭ ᠴᠢᠬᠤᠯᠠ ᠬᠠᠤᠯᠢ ᠴᠠᠭᠠᠵᠠ ᠶᠢᠨ ᠳᠦᠷᠢᠮᠵᠢᠯ ᠪᠤᠯᠤᠨ᠎ᠠ᠃ ᠲᠡᠷᠡ ᠨᠢ ᠴᠢᠩᠭᠢᠰ ᠬᠠᠭᠠᠨ ᠠᠴᠠ ᠶᠡᠬᠡ ᠮᠣᠩᠭᠤᠯ ᠤᠯᠤᠰ ᠢ ᠪᠠᠢᠭᠤᠯᠬᠤ ᠶᠠᠪᠤᠴᠠ ᠳᠤ ᠪᠤᠢ ᠪᠤᠯᠵᠤ᠂ ᠶᠡᠬᠡ ᠮᠣᠩᠭᠤᠯ ᠤᠯᠤᠰ ᠤᠨ ᠬᠦᠴᠦᠷᠬᠡᠭᠵᠢᠬᠦ ᠶᠢ ᠳᠠᠭᠠᠯᠳᠤᠨ ᠲᠡᠭᠦᠯᠳᠡᠷᠵᠢᠵᠦ᠂ ᠤᠯᠠᠮᠵᠢᠯᠠᠯᠲᠤ ᠵᠠᠩᠰᠢᠯ ᠤᠨ ᠬᠠᠤᠯᠢ ᠶᠢᠨ ᠪᠠᠲᠤᠯᠠᠯ᠂ ᠴᠢᠩᠭᠢᠰ ᠬᠠᠭᠠᠨ ᠤ ᠰᠢᠰᠲ᠋ᠧᠮᠲᠦ ᠬᠠᠤᠯᠢ ᠲᠤᠭᠲᠠᠭᠠᠯᠲᠠ᠂ ᠲᠦᠷ ᠴᠠᠭ ᠤᠨ ᠴᠢᠨᠠᠷ ᠲᠠᠢ ᠵᠠᠷᠯᠢᠭ ᠵᠢᠭᠠᠪᠤᠷᠢ ᠪᠠ ᠪᠤᠳᠠᠲᠤ ᠵᠢᠱᠢᠶ ᠡ ᠶᠢᠨ ᠪᠠᠷᠢᠮᠲᠠᠯᠠᠯ ᠢᠶᠠᠷ ᠰᠠᠭᠤᠷᠢ ᠪᠤᠯᠭᠠᠵᠤ᠂ ᠴᠡᠷᠢᠭ ᠳᠠᠢᠨ ᠤ ᠰᠢᠨᠵᠢ ᠴᠢᠨᠠᠷ ᠪᠦᠬᠦᠢ ᠨᠡᠢᠲᠡ ᠶᠢᠨ ᠬᠠᠤᠯᠢ ᠶᠢᠨ ᠣᠨᠴᠠᠯᠢᠭ ᠰᠢᠨᠵᠢ ᠶᠢ ᠬᠠᠳᠠᠭᠠᠯᠠᠵᠤ᠂ ᠲᠤᠬᠠᠢ ᠶᠢᠨ ᠦᠶ᠎ᠡ ᠶᠢᠨ ᠮᠣᠩᠭᠤᠯ ᠤᠨ ᠬᠠᠭᠠᠨᠲᠤ ᠲᠦᠷᠦ ᠶᠢᠨ ᠨᠡᠢᠭᠡᠮ ᠦᠨ ᠪᠠᠢᠭᠤᠯᠤᠮᠵᠢ ᠶᠢ ᠬᠠᠮᠠᠭᠠᠯᠠᠬᠤ᠂ ᠵᠠᠰᠠᠭ ᠤᠨ ᠡᠷᠬᠡ ᠶᠢ ᠪᠡᠬᠢᠵᠢᠭᠦᠯᠬᠦ᠂ ᠴᠡᠷᠢᠭ ᠠᠩᠭᠢ ᠶᠢᠨ ᠪᠠᠢᠭᠤᠯᠤᠯᠲᠠ ᠶᠢ ᠴᠢᠩᠭᠠᠳᠬᠠᠬᠤ᠂ ᠨᠡᠢᠭᠡᠮ ᠦᠨ ᠡᠮᠬᠢ ᠵᠢᠷᠦᠮ ᠢ ᠲᠤᠭᠲᠠᠭᠤᠨ ᠪᠤᠯᠭᠠᠬᠤ᠂ ᠲᠡᠷᠡᠴᠢᠯᠡᠨ ᠴᠢᠩᠭᠢᠰ ᠬᠠᠭᠠᠨ ᠪᠠ ᠲᠡᠭᠦᠨ ᠦ ᠦᠶ ᠡ ᠵᠠᠯᠭᠠᠮᠵᠢᠯᠠᠭᠴᠢᠳ ᠬᠠᠷᠢ ᠭᠠᠳᠠᠭᠠᠳᠤ ᠶᠢ ᠳᠠᠢᠯᠠᠨ ᠴᠡᠷᠢᠭ ᠳᠠᠢᠨ ᠤ ᠢᠯᠠᠯᠲᠠ ᠣᠯᠬᠤ ᠵᠡᠷᠭᠡ ᠳᠦ ᠴᠦᠮ ᠲᠤᠢᠯ ᠤᠨ ᠴᠢᠬᠤᠯᠠ ᠠᠴᠢ ᠬᠤᠯᠪᠤᠭᠳᠠᠯ ᠲᠠᠢ ᠪᠠᠢᠵᠤ᠂ ᠲᠡᠭᠦᠨ ᠦ ᠵᠠᠷᠢᠮ ᠵᠦᠢ ᠶᠤᠰᠤᠴᠢ ᠵᠤᠷᠢᠭ ᠰᠠᠨᠠᠭ᠎ᠠ ᠪᠠ ᠵᠠᠷᠴᠢᠮ ᠨᠢ ᠣᠳᠤᠬᠠᠨ ᠳᠤ ᠬᠦᠷᠲᠡᠯ᠎ᠡ ᠬᠡᠷᠡᠭᠵᠢᠭᠦᠯᠦᠭᠳᠡᠭᠰᠡᠭᠡᠷ ᠪᠤᠢ᠃
原文 查看原文
出自 中国蒙古学 2015年 第3期

联系我们


内蒙古大学图书馆
呼和浩特市大学西路235号
中国·内蒙古
P: (0471) 4992561
E: huangfeilong@imu.edu.cn