摘要 |
《ᠡᠾᠦᠮᠸᠷ ᠤᠨ ᠲᠤᠤᠯᠢ》᠋ ᠳᠡᠬᠢ ᠲᠠᠯᠠᠢ ᠲᠠᠩᠬᠢᠰ ᠨᠢ ᠬᠦᠮᠦᠨ ᠪᠠ ᠪᠠᠢ᠌ᠭᠠᠯᠢ ᠶᠢᠨ ᠳᠡᠮᠡᠴᠡᠯ ᠤᠨ ᠳᠡᠯᠡᠪᠦᠷ ᠪᠤᠯᠤᠭᠰᠠᠨ ᠬᠡᠭᠦ ᠳᠤ ᠬᠦᠷᠪᠡᠯ᠂ 《ᠵᠠᠩᠭ᠋ᠠᠷ》ᠪᠠ 《ᠡᠾᠦᠮᠸᠷ ᠤᠨ ᠲᠤᠤᠯᠢ》᠋ ᠋ ᠳᠡᠬᠢ ᠲᠠᠢ᠌ᠨ᠋ ᠦ ᠳᠡᠯᠡᠪᠦᠷ ᠨᠢ ᠬᠦᠮᠦᠨ ᠪᠠ ᠬᠦᠮᠦᠨ ᠂ ᠬᠦᠮᠦᠨ ᠪᠠ ᠰᠠᠭᠢᠭᠤᠯᠰᠤᠨ᠂ ᠬᠦᠮᠦᠨ ᠪᠠ ᠨᠡᠢ᠌ᠭᠡᠮ᠋ ᠤᠨ ᠳᠡᠮᠡᠴᠡᠯ ᠤᠨ ᠳᠡᠯᠡᠪᠦᠷ ᠪᠤᠯᠤᠭᠰᠠᠨ ᠶᠤᠮ᠃ ᠬᠡᠪᠡᠴᠣ ᠬᠦᠮᠦᠨ ᠪᠠ ᠪᠠᠢ᠌ᠭᠠᠯᠢ ᠶᠢᠨ ᠳᠡᠮᠡᠴᠡᠯ ᠴᠤ ᠪᠤᠯᠤᠭ᠂ ᠬᠦᠮᠦᠨ ᠪᠠ ᠬᠦᠮᠦᠨ ᠂ ᠬᠦᠮᠦᠨ ᠪᠠ ᠰᠠᠭᠢᠭᠤᠯᠰᠤᠨ ᠦ ᠳᠡᠮᠡᠴᠡᠯ ᠴᠣ ᠪᠤᠯᠤᠭ᠂ ᠳᠡᠷᠡ ᠨᠢ 《ᠵᠠᠩᠭ᠋ᠠᠷ》ᠪᠠ 《ᠡᠾᠦᠮᠸᠷ ᠤᠨ ᠲᠤᠤᠯᠢ》᠋ ᠋ ᠳᠤ ᠢᠯᠡᠷᠡᠬᠦ ᠳᠡᠬᠡᠨ ᠪᠠᠢᠭᠠᠯᠢ ᠶᠢᠨ ᠰᠠᠢᠬᠠᠨ ᠦ ᠲᠤᠬᠠᠢ ᠳᠠᠭᠠᠰᠢᠶᠠᠯ ᠨᠢ ᠠᠶᠤᠯ ᠰᠦᠷᠳᠡᠯ ᠡᠴᠡ ᠬᠤᠯᠠ ᠳᠠᠪᠠᠭᠰᠠᠨ ᠪᠠᠢ᠌ᠭ᠎ᠠ ᠶᠢ ᠬᠤᠶᠠᠷ ᠲᠤᠤᠯᠢ ᠳᠡᠬᠢ ᠪᠠᠭᠠᠳᠤᠷ ᠤᠤᠨ ᠤᠨ ᠳᠡᠮᠡᠴᠡᠯ ᠶᠢ ᠢᠯᠠᠨ ᠳᠡᠪᠠᠵᠤ ᠡᠷᠬᠡᠰᠢᠶᠠᠨ ᠵᠠᠬᠢᠷᠴᠣ ᠪᠠᠢ᠌ᠭ᠎ᠠ ᠡᠴᠡ ᠲᠤᠳᠤᠷᠬᠠᠢ ᠦᠵᠡᠵᠦ ᠭᠠᠷᠤᠨ᠎ᠠ᠃ |