摘要 |
ᠰᠢᠯᠭᠠᠳᠠᠭ ᠤᠬᠠᠭᠠᠨ ᠪᠣᠯ ᠪᠣᠷᠬᠠᠨ ᠰᠠᠱᠢᠨ ᠤ ᠶᠡᠬᠡ ᠲᠠᠪᠤᠨ ᠤᠬᠠᠭᠠᠨ ᠤ ᠨᠢᠭᠡ ᠪᠣᠯᠬᠤ ᠶᠣᠮ᠃ ᠶᠡᠬᠡ ᠲᠠᠪᠤᠨ ᠤᠬᠠᠭᠠᠨ ᠭᠡᠳᠡᠭ ᠨᠢ ᠲᠠᠭᠤᠨ ᠤᠬᠠᠭᠠᠨ᠂ᠰᠢᠯᠲᠠᠭᠠᠨ ᠤᠬᠠᠭᠠᠨ᠂ᠤᠷᠠᠯᠠᠬᠤᠢ ᠤᠬᠠᠭᠠᠨ᠂ᠲᠡᠵᠢᠭᠡᠬᠦᠢ ᠤᠬᠠᠭᠠᠨ᠂ ᠲᠣᠲᠤᠭᠠᠳᠤ ᠤᠬᠠᠭᠠᠨ ᠵᠡᠷᠭᠡ ᠵᠢ ᠬᠡᠯᠡᠨ᠌ ᠠ᠃ ᠰᠢᠯᠭᠠᠳᠠᠭ ᠤᠬᠠᠭᠠᠨ ᠢ ᠵᠦᠢᠷ ᠡ ᠪᠣᠶᠣ ᠬᠤᠷᠢᠶᠠᠩᠭ᠋ᠤᠢ᠂ ᠯᠣᠷᠢᠭ ᠪᠣᠶᠣ ᠣᠶᠣᠨ ᠰᠣᠳᠣᠯᠣᠯ᠂ ᠳᠠᠭᠷᠢᠭ ᠪᠣᠶᠣ ᠨᠤᠳᠠᠯᠠᠬᠤ ᠤᠬᠠᠭᠠᠨ ᠭᠡᠰᠡᠨ ᠦᠨᠳᠦᠰᠦᠨ ᠭᠤᠷᠪᠠᠨ ᠪᠦᠷᠢᠯᠳᠦᠭᠦᠨ ᠢᠢᠡᠷ ᠰᠣᠳᠤᠯᠳᠠᠭ᠃ ᠨᠢᠳᠦ ᠦᠭᠡᠢ ᠪᠣᠯ ᠦᠩᠭᠡ ᠲᠦᠷᠰᠦ ᠵᠢ ᠲᠣᠳᠤᠷᠠᠭᠤᠯᠵᠤ ᠴᠢᠳᠠᠬᠤ ᠦᠭᠡᠢ ᠲᠠᠢ ᠠᠳᠠᠯᠢ ᠰᠢᠯᠭᠠᠳᠠᠭ ᠤᠬᠠᠭᠠᠨ ᠢ ᠰᠣᠷᠤᠯᠴᠠᠭᠤ ᠦᠭᠡᠢ ᠪᠣᠯ ᠮᠡᠳᠡᠯᠭᠡ ᠤᠬᠠᠭᠠᠨ ᠳᠤ ᠨᠡᠪᠲᠡᠷᠡᠬᠦ ᠳᠤ ᠬᠦᠴᠢᠷ ᠭᠡᠵᠦ ᠡᠷᠳᠡᠮᠲᠡᠨ ᠮᠡᠷᠭᠡᠳ ᠦᠵᠡᠭᠰᠡᠭᠡᠷ ᠢᠷᠡᠭᠰᠡᠨ ᠶᠣᠮ᠃ ᠪᠣᠷᠬᠠᠨ ᠱᠠᠰᠢᠨ ᠤ ᠰᠢᠯᠭᠠᠳᠠᠭ ᠤᠬᠠᠭᠠᠨ ᠪᠣᠯ ᠲᠡᠯᠡᠬᠡᠢ ᠶᠢᠨ ᠭᠤᠷᠪᠠᠨ ᠶᠡᠬᠡ ᠯᠣᠭᠢᠭ ᠤᠨ ᠤᠬᠠᠭᠠᠨ ᠤ ᠡᠬᠢ ᠪᠣᠯᠬᠤ ᠪᠡᠷ ᠪᠠᠷᠠᠬᠤ ᠦᠭᠡᠢ ᠬᠦᠮᠦᠨ ᠲᠦᠷᠦᠯᠬᠡᠲᠡᠨ ᠤ ᠪᠣᠯᠪᠰᠦᠨ ᠤ ᠰᠢᠯᠢᠳᠡᠭ ᠦᠷ ᠡ ᠪᠦᠲᠦᠭᠡᠯ ᠪᠣᠯᠤᠨ᠌ ᠠ᠃ |