题名 |
《ᠰᠤᠳᠤᠷ ᠤᠨ ᠴᠢᠭᠤᠯᠭᠠᠨ》 ᠳᠠᠬᠢ ᠵᠤᠴᠢ ᠬᠠᠰᠠᠷ ᠪᠤᠯᠤᠨ ᠲᠡᠭᠦᠨ ᠦ ᠦᠷ᠎ᠡ ᠬᠤᠢᠴᠢᠰ ᠤᠨ ᠦᠶ᠎ᠡ ᠵᠠᠯᠭᠠᠮᠵᠢ ᠶᠢᠨ ᠲᠡᠮᠳᠡᠭᠯᠡᠯ ᠢ ᠠᠵᠢᠭᠯᠠᠬᠤ ᠨᠢ |
作者 |
ᠪᠤ · ᠰᠠᠢᠵᠢᠷᠠᠬᠤ |
关键词 |
《ᠰᠤᠳᠤᠷ ᠤᠨ ᠴᠢᠭᠤᠯᠭᠠᠨ》; ᠵᠤᠴᠢ ᠬᠠᠰᠠᠷ; ᠦᠶ᠎ᠡ ᠵᠠᠯᠭᠠᠮᠵᠢ |
摘要 |
ᠷᠠᠰᠢᠳ᠋ — ᠠᠳ᠋ — ᠳ᠋ᠢᠨ ᠤ ᠪᠢᠴᠢᠭᠰᠡᠨ 《ᠰᠤᠳᠤᠷ ᠤᠨ ᠴᠢᠭᠤᠯᠭᠠᠨ》 ᠳᠤ ᠵᠤᠴᠢ ᠬᠠᠰᠠᠷ ᠤᠨ ᠨᠡᠷ ᠡ ᠳᠠᠭᠤᠳᠠᠯᠭ᠎ᠠ᠂ ᠪᠡᠶ᠎ᠡ ᠪᠠᠢᠳᠠᠯ᠂ ᠬᠦᠴᠦ ᠴᠢᠳᠠᠯ ᠢ ᠲᠤᠳᠤᠷᠬᠠᠢ ᠲᠡᠮᠳᠡᠭᠯᠡᠵᠦ ᠪᠠᠢᠬᠤ ᠪᠦᠭᠡᠳ ᠪᠠᠰᠠ ᠲᠡᠭᠦᠨ ᠦ ᠦᠷ᠎ᠡ ᠬᠤᠢᠴᠢᠰ ᠤᠨ ᠦᠷ᠎ᠡ ᠵᠠᠯᠭᠠᠮᠵᠢ ᠶᠢᠨ ᠲᠤᠬᠠᠢ ᠨᠡᠯᠢᠶᠡᠳ ᠨᠠᠷᠢᠨ ᠲᠡᠮᠳᠡᠭᠯᠡᠯ ᠪᠤᠢ᠃ ᠡᠨᠡ ᠨᠢ ᠪᠤᠰᠤᠳ ᠨᠤᠮ ᠰᠤᠳᠤᠷ ᠤᠨ ᠲᠡᠮᠳᠡᠭᠯᠡᠯ ᠲᠡᠢ ᠠᠳᠠᠯᠢ ᠦᠭᠡᠢ ᠪᠠᠢᠵᠤ᠂ᠶᠡᠬᠡ ᠮᠣᠨᠭᠤᠯ ᠤᠯᠤᠰ ᠪᠤᠯᠤᠨ ᠶᠤᠸᠠᠨ ᠤᠯᠤᠰ ᠤᠨ ᠦᠶ ᠡ ᠶᠢᠨ ᠬᠠᠰᠠᠷ ᠤᠨ ᠭᠠᠷᠤᠯ ᠲᠡᠦᠬᠡ ᠪᠤᠯᠤᠨ ᠲᠡᠭᠦᠨ ᠦ ᠦᠷ᠎ᠡ ᠬᠤᠢᠴᠢᠰ ᠤᠨ ᠦᠷ᠎ᠡ ᠵᠠᠯᠭᠠᠮᠵᠢ ᠶᠢ ᠲᠤᠳᠤᠷᠠᠭᠤᠯᠤᠨ ᠰᠤᠳᠤᠯᠬᠤ ᠳᠤ ᠳᠤᠲᠠᠭᠳᠠᠵᠤ ᠪᠤᠯᠤᠰᠢ ᠦᠭᠡᠢ ᠪᠠᠷᠢᠲᠠ ᠮᠠᠲ᠋ᠧᠷᠢᠶᠠᠯ ᠪᠤᠯᠵᠤ ᠪᠤᠢ᠃ ᠲᠤᠬᠠᠢᠯᠠᠪᠠᠯ᠂ 《ᠰᠤᠳᠤᠷ ᠤᠨ ᠴᠢᠭᠤᠯᠭᠠᠨ》 ᠳᠤ ᠶᠢᠰᠦᠩᠬᠦ (ᠶᠢᠰᠦᠩᠬᠡ) ᠶᠢᠨ ᠬᠦᠪᠡᠭᠦᠨ ᠠᠮᠠᠭᠠᠢ ᠶᠢ ᠲᠡᠮᠳᠡᠭᠯᠡᠵᠦ ᠪᠠᠢᠳᠠᠭ᠃ ᠠᠮᠠᠭᠠᠢ ᠶᠢᠨ ᠬᠦᠪᠡᠭᠦᠨ ᠰᠢᠭᠢᠳᠦᠷᠦ ᠨᠢ ᠬᠤᠪᠢᠯᠠᠢ ᠬᠠᠭᠠᠨ ᠤ ᠦᠶ᠎ᠡ ᠳᠦ ᠵᠤᠴᠢ ᠬᠠᠰᠠᠷ ᠤᠨ ᠣᠷᠤ ᠶᠢ ᠵᠠᠯᠭᠠᠮᠵᠢᠯᠠᠪᠠ᠃ ᠭᠡᠲᠡᠯ᠎ᠡ ᠶᠢᠰᠦᠩᠬᠦ (ᠶᠢᠰᠦᠩᠬᠡ) ᠶᠢᠨ ᠣᠮᠪᠤᠯᠤ ᠰᠢᠭᠢᠳᠤᠷᠤ ᠶᠢ ᠪᠤᠰᠤᠳ ᠨᠤᠮ ᠳᠤ ᠶᠢᠰᠦᠩᠬᠦ ᠶᠢᠨ ᠬᠦᠪᠡᠭᠦᠨ ᠪᠤᠯᠭᠠᠵᠤ ᠪᠢᠴᠢᠭᠰᠡᠨ ᠪᠠᠢᠨ᠎ᠠ᠃ ᠬᠠᠰᠠᠷ ᠤᠨ ᠦᠷ᠎ᠡ ᠬᠤᠢᠴᠢᠰ ᠤᠨ ᠦᠶ᠎ᠡ ᠵᠠᠯᠭᠠᠮᠵᠢ ᠶᠢᠨ ᠡᠢᠮᠦᠷᠭᠦᠦ ᠮᠠᠳᠠᠭ ᠲᠠᠢ ᠠᠰᠠᠭᠤᠳᠠᠯ ᠢ 《ᠰᠤᠳᠤᠷ ᠤᠨ ᠴᠢᠭᠤᠯᠭᠠᠨ》 ᠤ ᠲᠡᠮᠳᠡᠭᠯᠡᠯ ᠡᠴᠡ ᠦᠨᠳᠦᠰᠦᠯᠡᠯ ᠡᠷᠢᠵᠦ ᠪᠤᠯᠤᠨ᠎ᠠ᠃ |
原文 |
查看原文
|
出自 |
中国蒙古学
2015年
第3期
|