论文信息


题名 ᠰᠤᠨᠢᠨ ᠮᠡᠳᠡᠭᠡᠨ ᠦ ᠬᠦᠦᠷᠨᠢᠯ ᠵᠦᠢ ᠶᠢᠨ ᠬᠠᠷᠠᠭᠠᠰᠤ ᠠᠴᠠ ᠮᠣᠩᠭᠤᠯ ᠵᠠᠭᠤᠴᠢᠯᠠᠭᠤᠷ ᠤᠨ ᠬᠡᠯᠡ ᠶᠢ ᠰᠤᠳᠤᠯᠬᠤ ᠶᠢᠨ ᠤᠴᠢᠷ
作者 ᠮᠦᠯᠰᠦᠨ
关键词 ᠰᠤᠨᠢᠨ ᠮᠡᠳᠡᠭᠡᠨ ᠦ ᠬᠦᠦᠷᠨᠢᠯ ᠵᠦᠢ; ᠵᠠᠭᠤᠴᠢᠯᠠᠭᠤᠷ ᠤᠨ ᠬᠡᠯᠡ; ᠮᠣᠩ᠋ᠭᠤᠯ
摘要 ᠵᠠᠭᠤᠴᠢᠯᠠᠭᠤᠷ ᠤᠨ ᠬᠡᠯᠡ ᠭᠡᠭ᠍ᠴᠢ ᠵᠠᠭᠤᠴᠢᠯᠠᠭᠤᠷ ᠤᠨ ᠬᠢᠨ ᠦ ᠡᠳᠦᠷ ᠳᠤᠲᠤᠮ ᠤᠨ ᠠᠵᠢᠯ ᠢᠶᠠᠨ ᠶᠠᠪᠤᠭᠳᠠᠭᠤᠯᠬᠤ ᠳᠤ ᠬᠡᠷᠡᠭᠯᠡᠵᠦ ᠪᠠᠢ᠌ᠭ᠎ᠠ ᠬᠡᠯᠡ ᠦᠰᠦᠭ ᠪᠢᠴᠢᠭ᠌ ᠬᠢᠭᠡᠳ ᠪᠤᠰᠤᠳ ᠣᠨᠴᠠᠭᠠᠢ ᠬᠡᠯᠡᠭᠦᠢ ᠶᠢᠨ ᠡᠯᠧᠮᠧᠨ᠋ᠲ ᠦᠳ ᠢ ᠵᠢᠭᠠᠨ᠎ᠠ᠃ ᠲᠡᠳᠡᠭᠡᠷ ᠣᠨᠴᠠᠭᠠᠢ ᠡᠯᠧᠮᠧᠨ᠋ᠲ ᠲᠤ ᠦᠩᠭᠡ ᠪᠤᠳᠤᠭ᠂ ᠵᠢᠷᠤᠭ ᠳᠦᠷᠰᠦ᠂ ᠳᠠᠭᠤ ᠠᠶᠠᠯᠭᠤ᠂ ᠣᠪᠤᠷ ᠰᠡᠳᠬᠢᠯᠭᠡ ᠵᠢᠴᠢ ᠡᠳᠡᠭᠡᠷ ᠬᠦᠴᠦᠰᠦ ᠶᠢᠨ ᠰᠢᠰᠲ᠋ᠧᠮᠲᠦ ᠲᠤᠬᠢᠷᠠᠭᠤᠯᠤᠯ᠂ ᠶᠡᠷᠦᠩᠬᠡᠢ ᠪᠠᠢ᠌ᠷᠢᠰᠢᠭᠤᠯᠤᠯᠲᠠ ᠵᠡᠷᠭᠡ ᠪᠠᠭᠲᠠᠨ᠎ᠠ᠃ ᠵᠠᠭᠤᠴᠢᠯᠠᠭᠤᠷ ᠤᠨ ᠬᠡᠯᠡ ᠨᠢ ᠬᠦᠮᠦᠨ ᠲᠦᠷᠦᠯᠬᠢᠲᠡᠨ ᠦ ᠬᠡᠯᠡᠨ ᠦ ᠴᠢᠳᠠᠮᠵᠢ ᠶᠢᠨ ᠢᠳᠡᠪᠬᠢᠲᠦ ᠪᠠᠳᠠᠷᠠᠭᠠᠯ ᠪᠠ ᠠᠮᠢᠳᠤᠯᠢᠭ ᠬᠡᠷᠡᠭᠯᠡᠭᠡᠨ ᠦ ᠦᠷ᠎ᠡ ᠳ᠋ᠦᠩ ᠪᠠᠢ᠌ᠵᠤ᠂ ᠣᠯᠠᠨ ᠨᠡᠢ᠌ᠲᠡ ᠶᠢᠨ ᠳᠠᠮᠵᠢᠭᠤᠯᠭ᠎ᠠ ᠶᠢᠨ ᠵᠠᠭᠤᠴᠢᠯᠠᠭᠤᠷ ᠠᠴᠠ ᠰᠤᠨᠢᠨ ᠮᠡᠳᠡᠭᠡ ᠰᠤᠷᠠᠭ ᠵᠠᠩᠭᠢ ᠳᠠᠮᠵᠢᠭᠤᠯᠬᠤ ᠳᠤ ᠦᠢᠯᠡᠴᠢᠯᠡᠬᠦ ᠦᠨᠳᠦᠰᠦᠨ ᠬᠡᠷᠡᠭᠯᠡᠭᠳᠡᠭᠦᠨ᠂ ᠭᠤᠤᠯ ᠪᠤᠯᠬᠤ ᠠᠴᠢᠶᠠᠯᠠᠭᠴᠢ ᠮᠦᠨ᠃ ᠲᠤᠰ ᠦᠭᠦᠯᠡᠯ ᠳᠦ ᠰᠤᠨᠢᠨ ᠮᠡᠳᠡᠭᠡᠨ ᠦ ᠬᠦᠦᠷᠨᠢᠯ ᠵᠦᠢ ᠭᠡᠬᠦ ᠡᠨᠡ ᠬᠦ ᠰᠤᠳᠤᠯᠭᠠᠨ ᠤ ᠰᠢᠨᠡᠪᠲᠦᠷᠭᠡᠨ ᠬᠠᠷᠠᠭᠠᠰᠤ ᠠᠴᠠ ᠮᠣᠩ᠋ᠭᠤᠯ ᠵᠠᠭᠤᠴᠢᠯᠠᠭᠤᠷ ᠤᠨ ᠬᠡᠯᠡ ᠰᠢᠨᠵᠢᠯᠡᠭᠡᠨ ᠦ ᠬᠦᠷᠢᠶ᠎ᠡ ᠴᠠᠷᠠᠭ᠎ᠠ ᠶᠢ ᠳᠠᠯᠠᠨ ᠦᠷᠭᠡᠵᠢᠭᠦᠯᠬᠦ ᠶᠢ ᠵᠤᠷᠢᠵᠤ᠂ ᠦᠨᠳᠦᠰᠦᠨ ᠣᠢ᠌ᠯᠠᠭᠠᠭᠳᠠᠬᠤᠨ ᠤ ᠲᠤᠳᠤᠷᠠᠭᠤᠯᠤᠯ ᠠᠴᠠ ᠭᠠᠷᠲᠠᠵᠤ᠂ ᠰᠤᠨᠢᠨ ᠮᠡᠳᠡᠭᠡᠨ ᠦ ᠬᠦᠦᠷᠨᠢᠯ ᠵᠦᠢ ᠬᠢᠭᠡᠳ ᠵᠠᠭᠤᠴᠢᠯᠠᠭᠤᠷ ᠤ ᠬᠡᠯᠡᠨ ᠦ ᠲᠤᠬᠠᠢ ᠲᠠᠢ᠌ᠯᠪᠤᠷᠢᠯᠠᠨ᠂ ᠮᠣᠩ᠋ᠭᠤᠯ ᠵᠠᠭᠤᠴᠢᠯᠠᠭᠤᠷ ᠤᠨ ᠬᠡᠯᠡᠨ ᠦ ᠬᠦᠦᠷᠨᠢᠯ ᠵᠦᠢ ᠰᠤᠳᠤᠯᠤᠯ ᠤᠨ ᠤᠴᠢᠷ ᠬᠤᠯᠪᠤᠭᠳᠠᠯ᠂ ᠨᠦᠬᠦᠴᠡᠯ ᠪᠤᠯᠤᠮᠵᠢ᠂ ᠪᠤᠳᠠᠲᠤ ᠠᠭᠤᠯᠭ᠎ᠠ ᠵᠡᠷᠭᠡ ᠶᠢ ᠦᠭᠦᠯᠡᠨ ᠲᠤᠳᠤᠷᠬᠠᠢ᠌ᠯᠠᠵᠠᠢ᠃
原文 查看原文
出自 中国蒙古学 2013年 第4期

联系我们


内蒙古大学图书馆
呼和浩特市大学西路235号
中国·内蒙古
P: (0471) 4992561
E: huangfeilong@imu.edu.cn