摘要 |
《ᠵᠠᠨᠭᠠᠷ》 ᠲᠠᠬᠢ ᠠᠷᠤ ᠪᠤᠮᠪᠠ ᠶᠢᠨ ᠣᠷᠤᠨ ᠤ ᠬᠤᠯᠪᠤᠭᠠᠯᠠᠯ ᠢ ᠴᠢᠰᠦᠨ ᠲᠦᠷᠦᠯ ᠦᠨ ᠬᠤᠯᠪᠤᠭᠠᠯᠠᠯ᠂ ᠰᠠᠢᠨ ᠳᠤᠷ᠎ᠠ ᠶᠢᠨ ᠬᠤᠯᠪᠤᠭᠠᠯᠠᠯ᠂ ᠳᠠᠢᠨ ᠢᠶᠠᠷ ᠳᠠᠮᠵᠢᠨ ᠬᠤᠯᠪᠤᠭᠠᠯᠠᠬᠤ ᠵᠢᠴᠢ ᠤᠷᠤᠭ ᠲᠦᠷᠦᠯ ᠦᠨ ᠬᠤᠯᠪᠤᠭᠠᠯᠠᠯ ᠭᠡᠵᠦ ᠳᠦᠷᠪᠡᠨ ᠵᠤᠢᠯ ᠳᠤ ᠬᠤᠪᠢᠶᠠᠨ ᠰᠢᠨᠵᠢᠯᠡᠪᠡᠯ ᠪᠤᠮᠪᠠ ᠶᠢᠨ ᠣᠷᠤᠨ ᠤ ᠬᠤᠯᠪᠤᠭᠠᠯᠠᠯ ᠤᠨ ᠴᠤᠭᠴᠠ ᠶᠢ ᠬᠦᠯᠢᠶᠡᠰᠦᠯᠡᠵᠦ ᠪᠦᠬᠦᠢ ᠬᠦᠴᠦᠨ ᠵᠤᠢᠯ ᠪᠤᠯ ᠵᠠᠰᠠᠭ ᠵᠠᠬᠢᠷᠭᠠᠨ ᠤ ᠡᠷᠬᠡ ᠬᠦᠴᠦᠨ ᠪᠢᠰᠢ ᠬᠠᠷᠢᠨ ᠬᠤᠯᠪᠤᠭᠠᠨ ᠤ ᠠᠬᠠᠯᠠᠭᠴᠢ ᠶᠢᠨ ᠬᠤᠪᠢ ᠬᠦᠮᠦᠨ ᠦ ᠬᠦᠴᠦᠨ ᠴᠢᠳᠠᠯ ᠪᠤᠯᠤᠨ᠎ᠠ᠃ ᠡᠭᠦᠨ ᠦ ᠤᠯᠠᠮ ᠠᠴᠠ ᠠᠷᠤ ᠪᠤᠮᠪᠠ ᠶᠢᠨ ᠣᠷᠤᠨ ᠤ ᠬᠤᠯᠪᠤᠭᠠᠯᠠᠯ ᠪᠤᠯ ᠣᠪᠤᠭ ᠠᠢᠮᠠᠭ ᠤᠨ ᠠᠬᠠᠯᠠᠭᠴᠢᠳ ᠤᠨ ᠠᠨᠳᠠᠭᠠᠢ ᠲᠠᠩᠭᠠᠷᠢᠭ ᠲᠤ ᠬᠦᠯᠢᠶᠡᠰᠦᠯᠡᠭᠳᠡᠭᠰᠡᠨ ᠨᠡᠯᠢᠶᠡᠳ ᠴᠢᠯᠦᠭᠡᠲᠡᠢ ᠢᠲᠡᠭᠡᠮᠵᠢ ᠶᠢᠨ ᠬᠤᠯᠪᠤᠭ᠎ᠠ ᠪᠤᠯᠤᠨ᠎ᠠ ᠭᠡᠵᠦ ᠦᠵᠡᠨ᠎ᠡ᠃ |