论文信息


题名 ᠳ᠋ᠦᠩᠭᠡᠷ ᠳ᠋ᠠ ᠯᠠᠮᠠ ᠶᠢᠨ ᠳᠦᠷᠢ ᠶᠢᠨ ᠲᠤᠬᠠᠢ ᠰᠢᠨᠵᠢᠯᠡᠯ — ᠬᠣᠷᠴᠢᠨ ᠠᠷᠠᠳ ᠤᠨ ᠳᠠᠭᠤᠤ 《ᠳ᠋ᠦᠩᠭᠡᠷ ᠳ᠋ᠠ ᠯᠠᠮᠠ》 ᠠᠴᠠ ᠰᠡᠳᠦᠪᠯᠡᠬᠦ ᠨᠢ
作者 ᠰᠢᠨᠵᠢᠯᠡ; ᠬᠠᠨ ᠭᠧᠨ ᠰᠢᠶᠤᠤ
关键词 ᠳ᠋ᠦᠩᠭᠡᠷ ᠳ᠋ᠠ ᠯᠠᠮᠠ; ᠳᠦᠷᠢ; ᠲᠠᠬᠤᠸᠠᠷ
摘要 ᠳ᠋ᠦᠩᠭᠡᠷ ᠳ᠋ᠠ ᠯᠠᠮᠠ ᠶᠢᠨ ᠳᠦᠷᠢ ᠪᠤᠯ ᠲᠡᠦᠬᠡᠲᠦ ᠦᠨᠡᠨ ᠬᠦᠮᠦᠨ ᠪᠤᠳᠠᠲᠤ ᠶᠠᠪᠤᠳᠠᠯ ᠳᠤ ᠰᠠᠭᠤᠷᠢᠯᠠᠭᠰᠠᠨ ᠬᠤᠱᠤᠩ ᠶᠤᠭᠲᠠ ᠴᠢᠨᠠᠷ ᠢᠶᠠᠷ ᠴᠢᠩᠭ᠍ ᠠ᠂ ᠪᠤᠰᠤᠳ ᠯᠠᠮᠠ ᠬᠤᠸᠠᠷᠠᠭ ᠤᠨ ᠢᠨᠠᠭ ᠤᠨ ᠳᠠᠭᠤᠤ ᠳᠠᠬᠢ ᠯᠠᠮᠠ ᠬᠤᠸᠠᠷᠠᠭ ᠲᠠᠢ ᠬᠠᠷᠢᠴᠠᠭᠤᠯᠪᠠᠯ ᠪᠠᠶᠠᠷᠲᠤ ᠲᠡᠭᠦᠰᠭᠡᠯ ᠲᠡᠢ᠂ ᠳ᠋ᠦᠩᠭᠡᠷ ᠳ᠋ᠠ ᠯᠠᠮᠠ ᠨᠢ ᠡᠴᠦᠰ ᠰᠡᠭᠦᠯ ᠳᠡᠭᠡᠨ ᠰᠡᠳᠬᠢᠯ ᠦᠨ ᠬᠦᠮᠦᠨ ᠲᠠᠬᠤᠸᠠᠷ ᠲᠠᠢ ᠪᠠᠨ ᠭᠡᠷᠯᠡᠨ ᠰᠠᠭᠤᠭᠰᠠᠨ ᠪᠠᠢᠨ᠎ᠠ᠃ ᠯᠠᠮᠠ ᠬᠤᠸᠠᠷᠠᠭ ᠤᠨ ᠢᠨᠠᠭ ᠳᠤᠷᠠᠯᠠᠯ ᠢ ᠬᠦᠭᠡᠭᠡᠴᠡᠯᠳᠦᠵᠦ ᠪᠠᠢᠭ᠎ᠠ ᠦᠢᠯᠡ ᠠᠵᠢᠯᠯᠠᠭ᠎ᠠ᠂ ᠳᠠᠭᠤᠤ ᠳᠤ ᠳᠤᠰᠬᠠᠭᠰᠠᠨ ᠨᠡᠢᠭᠡᠮ ᠦᠨ ᠬᠦᠮᠦᠰ ᠦᠨ ᠯᠠᠮᠠ ᠬᠤᠸᠠᠷᠠᠭ ᠤᠨ ᠢᠨᠠᠭ ᠳᠤᠷᠠᠯᠠᠯ ᠳᠤ ᠬᠠᠨᠳᠤᠵᠤ ᠪᠠᠢᠭ᠎ᠠ ᠣᠪᠤᠷ ᠬᠢᠭᠡᠳ ᠳᠠᠭᠤᠤ ᠶᠢ ᠰᠤᠨᠢᠷᠬᠠᠵᠤ ᠪᠠᠢᠭ᠎ᠠ ᠠᠷᠠᠳ ᠣᠯᠠᠨ ᠤ ᠣᠪᠤᠷ ᠵᠡᠷᠭᠡ ᠡᠴᠡ ᠬᠣᠷᠴᠢᠨ ᠮᠣᠩᠭᠤᠯᠴᠤᠳ ᠤᠨ ᠦᠵᠡᠯ ᠰᠠᠨᠠᠭ᠎ᠠ ᠴᠢᠯᠦᠭᠡ ᠲᠡᠢ ᠳᠠᠪᠰᠢᠩᠭᠤᠢ ᠪᠠᠢᠭ᠎ᠠ ᠶᠢ ᠮᠡᠳᠡᠵᠦ ᠪᠤᠯᠤᠨ᠎ᠠ᠃ ᠡᠨᠡ ᠨᠢ ᠹᠧᠤᠳᠠᠯ ᠤᠨ ᠶᠤᠰᠤᠨ ᠤ ᠳᠤᠷᠤᠢᠲᠠᠯ ᠬᠢᠭᠡᠳ ᠴᠢᠯᠦᠭᠡᠲᠦ ᠢᠨᠠᠭ ᠳᠤᠷᠠᠯᠠᠯ ᠤᠨ ᠢᠯᠠᠯᠲᠠ ᠶᠢᠨ ᠪᠡᠯᠭᠡ ᠲᠡᠮᠳᠡᠭ ᠪᠤᠯᠵᠠᠢ᠃
原文 查看原文
出自 中国蒙古学 2015年 第5期

联系我们


内蒙古大学图书馆
呼和浩特市大学西路235号
中国·内蒙古
P: (0471) 4992561
E: huangfeilong@imu.edu.cn