摘要 |
ᠠᠪᠢᠶᠠᠨ ᠦ ᠤᠷᠳᠤᠳᠬᠠᠯ ᠤᠨ ᠠᠷᠭ᠎ᠠ ᠨᠢ ᠨᠢᠭᠡᠨ ᠲᠦᠬᠡᠮᠡᠯ ᠤᠬᠠᠭᠳᠠᠬᠤᠨ ᠪᠤᠯᠤᠭᠰᠠᠨ ᠦ ᠬᠤᠪᠢ ᠳᠤ ᠤᠯᠠᠨ ᠠᠭᠤᠯᠬᠤᠨ ᠪᠠᠢ᠌ᠳᠠᠭ᠃ ᠲᠡᠭᠦᠨ ᠢ ᠳᠠᠨᠢᠵᠤ ᠡᠵᠡᠮᠰᠢᠬᠦ ᠳᠤ ᠶᠠᠭᠤᠨ ᠦ ᠡᠮᠦᠨ᠎ᠡ ᠲᠡᠳᠡᠭᠡᠷ ᠢ ᠬᠡᠷᠬᠢᠨ ᠠᠩᠬᠢᠯᠠᠪᠠᠯ ᠵᠤᠬᠢᠬᠤ ᠶᠢ ᠯᠤᠬᠢᠭ ᠤᠨ ᠤᠬᠠᠭᠠᠨ ᠦ ᠡᠬᠦᠳᠡᠨ ᠡᠴᠡ ᠤᠨᠤᠪᠴᠢᠲᠠᠢ ᠲᠤᠳᠤᠷᠬᠠᠢ ᠬᠠᠷᠢᠭᠤᠯᠲᠠ ᠦᠭ᠍ᠬᠦ ᠬᠡᠷᠡᠭᠳᠡᠢ᠃ ᠤᠳᠤᠬᠢ ᠰᠤᠳᠤᠯᠭᠠᠨ ᠡᠴᠡ ᠦᠵᠡᠪᠡᠯ ᠡᠨᠡ ᠠᠰᠠᠭᠤᠳᠠᠯ ᠦᠨᠡᠨ ᠳᠡᠭᠡᠨ ᠲᠤᠤᠱᠲᠠᠢ ᠰᠢ᠌ᠳᠪᠦᠷᠢᠯᠡᠭᠳᠡᠭᠡ ᠦᠬᠡᠢ ᠪᠠᠢ᠌ᠭᠠᠰᠠᠭᠠᠷ ᠮᠦᠷᠳᠡᠭᠡᠨ ᠲᠡᠭᠦᠨ ᠦ ᠠᠭᠤᠯᠬᠤᠨ ᠨᠤᠭᠤᠳ ᠤᠨ ᠮᠦᠨ ᠴᠢᠨᠠᠷ ᠤᠨ ᠤᠨᠴᠠᠯᠢᠭ ᠢ ᠴᠤ ᠵᠦᠪ ᠤᠨᠤᠪᠴᠢᠲᠠᠢ ᠳᠠᠨᠢᠵᠤ ᠴᠢᠳᠠᠭ᠎ᠠ ᠦᠬᠡᠢ ᠪᠠᠢ᠌ᠭᠰᠠᠭᠠᠷ ᠃ ᠲᠤᠰ ᠦᠭᠦᠯᠡᠯ ᠳᠤ ᠶᠠᠭ ᠡᠨᠡ ᠬᠤᠶᠠᠷ ᠠᠰᠠᠭᠤᠳᠠᠯ ᠢ ᠰᠢ᠌ᠳᠪᠦᠷᠢᠯᠡᠬᠦ ᠶᠢ ᠵᠤᠷᠢᠪᠠ᠃ |