论文信息


题名 ᠮᠣᠩᠭᠤᠯ ᠲᠠᠷᠢᠶᠠᠴᠢᠨ᠂ ᠬᠤᠷᠴᠢᠨ ᠰᠤᠶᠤᠯ ᠬᠢᠭᠡᠳ ᠭᠡᠯᠴᠢᠯᠡᠭᠰᠡᠨ ᠶᠢᠷᠲᠢᠨᠴᠦ — ᠪ᠂ ᠵᠤᠷᠢᠭᠲᠤ ᠶᠢᠨ ᠪᠤᠳᠠᠲᠠᠢ᠌ᠴᠢ ᠪᠢᠴᠢᠯᠭ ᠶᠢᠨ ᠲᠤᠭᠤᠵᠢᠰ ᠤᠨ ᠲᠠᠢ᠌ᠯᠤᠯ
作者 ᠶᠤᠸᠠᠨ ᠽᠧᠩ
关键词 ᠪ‍᠂ ᠵᠤᠷᠢᠭᠲᠤ; ᠣᠷᠤᠰᠢᠬᠤᠢ ᠶᠢᠨ ᠪᠤᠬᠢᠨᠢᠲᠤᠯ; ᠪᠤᠳᠠᠲᠠᠢ᠌ᠴᠢ ᠪᠢᠴᠢᠯᠭᠡ
摘要 ᠪ‍᠂ ᠵᠤᠷᠢᠭᠲᠤ ᠶᠢᠨ ᠲᠤᠭᠤᠵᠢᠰ ᠨᠢ ᠠᠢ᠌ᠯ ᠤᠨ ᠰᠤᠶᠤᠯ ᠤᠨ ᠬᠤᠤᠷᠯᠠᠯ᠂ ᠭᠡᠷ ᠣᠷᠤᠨ ᠤ ᠠᠯᠳᠠᠭᠳᠠᠯ᠂ 《ᠦᠵᠦᠭᠦᠷ ᠭᠠᠷᠬᠤ》᠋ ᠶᠢᠨ ᠴᠦᠭᠦᠷᠡᠯ᠂ ᠤᠶᠤᠨ ᠰᠡᠳᠬᠢᠴᠡ ᠶᠢᠨ ᠪᠤᠬᠢᠨᠢᠲᠤᠯ᠂ ᠠᠩ᠋ᠨᠠᠯ ᠤᠨ ᠰᠤᠶᠤᠯ ᠤᠨ ᠤᠰᠠᠲᠤᠯ ᠭᠡᠬᠦ ᠵᠡᠷᠭᠡ ᠤᠳᠬ᠎ᠠ ᠰᠡᠳᠦᠪ ᠢᠶᠡᠷ ᠬᠤᠷᠴᠢᠨᠴᠤᠳ ᠤᠨ ᠨᠡᠢ᠌ᠭᠡᠮᠴᠢ ᠣᠷᠤᠰᠢᠬᠤᠢ ᠶᠢᠨ ᠪᠤᠬᠢᠨᠢᠲᠤᠯ ᠢ ᠦᠵᠡᠭᠦᠯᠦᠭᠰᠡᠨ ᠢᠶᠡᠷ ᠢᠶᠡᠨ ᠦᠪᠡᠷᠮᠢᠴᠡ ᠶᠢᠷᠲᠢᠨᠴᠦ ᠪᠡᠨ ᠴᠤᠭᠴᠠᠯᠠᠭᠰᠠᠨ ᠪᠠᠢ᠌ᠳᠠᠭ᠃ ᠮᠣᠩ᠋ᠭᠤᠯ ᠲᠠᠷᠢᠶᠠᠴᠢᠨ᠂ ᠬᠤᠷᠴᠢᠨ ᠰᠤᠶᠤᠯ ᠬᠢᠭᠡᠳ ᠡᠭᠡᠯᠵᠢᠯᠡᠭᠡᠨ ᠶᠢᠷᠴᠢᠨᠲᠦ ᠪᠤᠯ ᠪ‍᠂ ᠵᠤᠷᠢᠭᠲᠤ ᠶᠢᠨ ᠲᠤᠭᠤᠵᠢᠰ ᠤᠨ ᠵᠠᠩᠭᠢᠯᠠᠭ᠎ᠠ ᠶᠢᠨ ᠦᠭᠡ ᠪᠤᠯᠤᠨ᠎ᠠ᠃ ᠮᠣᠩ᠋ᠭᠤᠯ ᠲᠠᠷᠢᠶᠠᠴᠢᠳ ᠤᠨ ᠬᠤᠪᠢ ᠳᠠᠪᠢᠯᠠᠩ ᠢ ᠪᠠᠭᠤᠷᠠᠢ᠌ᠴᠤᠳ — ᠳᠡᠯᠴᠢᠯᠡᠭᠰᠡᠳ — ᠭᠠᠭᠴᠠᠭᠠᠷᠳᠠᠭᠰᠠᠳ ᠲᠤ ᠪᠠᠭᠲᠠᠭᠠᠵᠤ᠂ ᠬᠤᠷᠴᠢᠨ ᠰᠤᠶᠤᠯ ᠤᠨ ᠦᠪᠡᠷᠮᠢᠴᠡ ᠰᠢᠨᠵᠢ ᠶᠢ ᠠᠢ᠌ᠯ ᠤᠨ ᠰᠤᠶᠤᠯ ᠠᠴᠠ ᠠᠩᠨᠠᠯ ᠤᠨ ᠰᠤᠶᠤᠯ ᠬᠦᠷᠲᠡᠯ᠎ᠡ ᠢᠯᠡᠷᠡᠭᠦᠯᠵᠦ᠂ ᠡᠭᠡᠯᠴᠢᠯᠡᠭᠰᠡᠨ ᠶᠢᠷᠲᠢᠨᠴᠦ ᠶᠢᠨ ᠦᠵᠡᠭᠦᠯᠦᠯ ᠢᠶᠡᠷ ᠡᠭᠡᠯ ᠠᠮᠢᠳᠤᠷᠠᠯ ᠢ ᠪᠤᠷᠤᠭᠵᠢᠭᠤᠨ ᠢᠶᠡᠷ ᠰᠢᠢᠳᠪᠦᠷᠢᠯᠡᠨ᠂ ᠠᠬᠤᠢ᠌ᠴᠢ ᠣᠷᠤᠰᠢᠬᠤᠢ ᠶᠢ ᠪᠤᠰᠤᠳᠴᠢ ᠪᠠᠷ ᠬᠠᠷᠠᠭᠤᠯᠬᠤ ᠪᠤᠳᠠᠲᠠᠢ᠌ᠴᠢ ᠪᠢᠴᠢᠯᠭᠡ ᠪᠡᠷ ᠭᠤᠤ᠎ᠠ ᠰᠠᠢ᠌ᠬᠠᠨ ᠤ ᠪᠠᠷᠢᠮᠲᠠᠯᠠᠯ ᠪᠤᠯᠭᠠᠵᠠᠢ᠃ ᠵᠤᠬᠢᠶᠠᠭᠴᠢ ᠶᠢᠨ ᠤᠷᠠᠯᠢᠭ ᠤᠨ ᠰᠤᠩ᠋ᠭᠤᠯᠲᠠ᠂ ᠦᠷᠲᠡᠭ ᠦᠨ ᠬᠠᠨᠳᠤᠯᠭ᠎ᠠ ᠨᠢ ᠳᠡᠭᠡᠷ᠎ᠡ ᠵᠠᠭᠤᠨ ᠤ 80᠂ 90 ᠭᠡᠳ ᠣᠨ ᠳᠤ ᠦᠷᠭᠦᠯᠵᠢᠯᠡᠯᠲᠦ ᠴᠢᠨᠠᠷ ᠲᠠᠢ ᠪᠤᠯᠪᠠᠴᠤ ᠰᠢᠨ᠎ᠡ ᠵᠠᠭᠤᠨ ᠳᠤ ᠣᠷᠤᠭᠠᠳ ᠨᠢᠭᠡ ᠬᠡᠮᠵᠢᠶᠡᠨ ᠦ ᠲᠠᠰᠤᠯᠳᠠᠯ ᠣᠷᠤᠰᠢᠵᠤ ᠪᠠᠢ᠌ᠭ᠎ᠠ᠃
原文 查看原文
出自 中国蒙古学 2012年 第6期

联系我们


内蒙古大学图书馆
呼和浩特市大学西路235号
中国·内蒙古
P: (0471) 4992561
E: huangfeilong@imu.edu.cn