题名 |
ᠠᠩᠭ᠍ᠯᠢ᠂ ᠮᠣᠩᠭᠤᠯ ᠬᠡᠯᠡᠨ ᠦ ᠳᠠᠩ ᠦᠭᠡ ᠲᠤᠳᠤᠳᠬᠠᠯ ᠤᠨ ᠬᠠᠷᠠᠭᠤᠯᠤᠭᠰᠠᠨ ᠵᠠᠳᠠᠯᠤᠯᠲᠠ |
作者 |
ᠪ · ᠮᠦᠩᠬᠡ |
关键词 |
ᠠᠩᠭ᠍ᠯᠢ ᠬᠡᠯᠡ; ᠮᠣᠩᠭᠤᠯ ᠬᠡᠯᠡ; ᠳᠠᠩ ᠦᠭᠡ ᠳᠤᠳᠤᠳᠬᠠᠯ; ᠬᠠᠷᠠᠭᠤᠯᠤᠭᠰᠠᠨ |
摘要 |
ᠠᠩᠭ᠍ᠯᠢ᠂ ᠮᠣᠩᠭᠤᠯ ᠬᠡᠯᠡᠨ ᠦ ᠳᠠᠩ ᠦᠭᠡ ᠲᠤᠳᠤᠳᠬᠠᠯ ᠨᠢ ᠬᠤᠯᠪᠤᠭ᠎ᠠ ᠦᠭᠡ᠂ ᠦᠭᠦᠯᠡᠪᠦᠷᠢ᠂ ᠪᠦᠯᠦᠭᠴᠢᠯᠡᠯ ᠳᠡᠬᠢ ᠪᠠᠢᠷᠢᠰᠢᠯ᠂ ᠴᠢᠳᠠᠮᠵᠢ᠂ ᠲᠦᠷᠦᠯ ᠪᠤᠯᠤᠨ ᠠᠳᠠᠯᠢᠬᠠᠨ ᠤᠳᠬ᠎ᠠ ᠪᠦᠬᠦᠢ ᠲᠤᠳᠤᠳᠬᠠᠯ ᠢ ᠠᠳᠠᠯᠢ ᠪᠤᠪᠰᠤ ᠦᠭᠡᠰ ᠢᠶᠡᠷ ᠢᠯᠡᠳᠭᠡᠬᠦ ᠵᠡᠷᠭᠡ ᠣᠯᠠᠨ ᠲᠠᠯ᠎ᠠ ᠪᠠᠷ ᠢᠶᠡᠨ ᠶᠡᠬᠡᠬᠡᠨ ᠵᠦᠷᠢᠶ᠎ᠡ ᠪᠠᠢᠳᠠᠭ ᠲᠤᠯᠠ ᠵᠢᠭᠠᠨ ᠰᠤᠷᠭᠠᠯᠲᠠ᠂ ᠬᠡᠯᠡᠨ ᠦ ᠬᠡᠷᠡᠭᠯᠡᠭᠡᠨ᠂ ᠣᠷᠴᠢᠭᠤᠯᠭ᠎ᠠ ᠶᠢᠨ ᠶᠠᠪᠤᠴᠠ ᠳᠤ ᠲᠤᠳᠤᠷᠬᠠᠢ ᠬᠡᠮᠵᠢᠶᠡᠨ ᠦ ᠬᠦᠴᠢᠷ ᠠᠪᠴᠢᠷᠠᠳᠠᠭ᠃ ᠲᠤᠰ ᠦᠭᠦᠯᠡᠯ ᠳᠦ᠂ ᠬᠠᠷᠠᠭᠤᠭᠤᠯᠤᠭᠰᠠᠨ ᠬᠡᠯᠡ ᠰᠢᠨᠵᠢᠯᠡᠯ ᠦᠨ ᠣᠨᠣᠯ ᠠᠷᠭ᠎ᠠ ᠶᠢ ᠦᠨᠳᠦᠰᠦᠯᠡᠨ ᠠᠩᠭ᠍ᠯᠢ᠂ ᠮᠣᠩᠭᠤᠯ ᠬᠡᠯᠡᠨ ᠦ ᠳᠠᠩ ᠦᠭᠡ ᠲᠤᠳᠤᠳᠬᠠᠯ ᠢ ᠬᠠᠷᠠᠭᠤᠭᠤᠯᠤᠨ ᠵᠠᠳᠠᠯᠵᠤ᠂ ᠲᠡᠳᠡᠭᠡᠷ ᠦᠨ ᠠᠳᠠᠯᠢ ᠲᠠᠯ᠎ᠠ ᠪᠠ ᠠᠳᠠᠯᠢ ᠪᠣᠰᠤ ᠲᠠᠯ᠎ᠠ ᠶᠢ ᠵᠠᠳᠠᠯᠤᠨ ᠰᠢᠨᠵᠢᠯᠡᠵᠦ᠂ ᠠᠩᠭ᠍ᠯᠢ ᠬᠡᠯᠡᠨ ᠦ ᠳᠠᠩ ᠦᠭᠡ ᠲᠤᠳᠤᠳᠬᠠᠯ ᠢ ᠬᠡᠷᠬᠢᠨ ᠵᠦᠪ ᠣᠢᠯᠠᠭᠠᠵᠤ ᠬᠡᠷᠡᠭᠯᠡᠬᠦ ᠲᠤᠬᠠᠢ ᠠᠯᠢ ᠣᠯᠠᠨ ᠬᠡᠷᠡᠭᠯᠡᠭᠡᠨ ᠦ ᠦᠷᠲᠡᠭ ᠪᠦᠬᠦᠢ ᠵᠢᠮ᠎ᠡ ᠶᠤᠰᠤᠲᠤ ᠵᠤᠢᠯᠡᠰ ᠢ ᠳ᠋ᠦᠩᠨᠡᠨ ᠬᠤᠷᠢᠶᠠᠩᠭᠤᠢᠯᠠᠵᠤ᠂ ᠲᠡᠭᠦᠨ ᠢᠶᠡᠨ ᠬᠡᠷᠬᠢᠨ ᠵᠢᠭᠠᠨ ᠰᠤᠷᠭᠠᠯᠲᠠ ᠶᠢᠨ ᠶᠠᠪᠤᠴᠠ ᠳᠠᠭᠠᠨ ᠣᠨᠣᠪᠴᠢᠲᠠᠢ ᠬᠡᠷᠡᠭᠯᠡᠬᠦ ᠲᠤᠬᠠᠢ ᠵᠢᠱᠢᠶ᠎ᠡ ᠲᠠᠢ ᠦᠭᠦᠯᠡᠵᠡᠢ᠃ |
原文 |
查看原文
|
出自 |
中国蒙古学
2016年
第2期
|