题名 |
ᠮᠣᠩᠭᠤᠯ ᠪᠢᠴᠢᠯ ᠺᠢᠨᠤ᠋ ᠶᠢᠨ ᠠᠩᠬᠠᠨ ᠤ ᠰᠢᠨᠵᠢᠯᠡᠭᠡ |
作者 |
ᠨᠠᠬᠢᠶ᠎ᠠ; ᠬᠠᠢᠷᠬᠠᠨ |
关键词 |
ᠪᠢᠴᠢᠯ ᠺᠢᠨᠤ᠋; ᠮᠣᠩᠭᠤᠯ ᠪᠢᠴᠢᠯ ᠺᠢᠨᠤ᠋; ᠵᠠᠯᠠᠭᠤᠴᠤᠳ ᠤᠨ ᠣᠷᠤᠯᠴᠠᠯ; ᠠᠬᠤᠢᠴᠢ ᠬᠦᠭᠡᠭᠡᠴᠡᠯᠳᠦᠯ; ᠬᠠᠷᠠᠭᠠᠨ ᠰᠡᠷᠡᠯ ᠦᠨ ᠳᠡᠯᠭᠡᠯᠲᠡ |
摘要 |
ᠮᠣᠩᠭᠤᠯ ᠪᠢᠴᠢᠯ ᠺᠢᠨᠤ᠋ ᠠᠷᠠᠯᠵᠢᠶᠠᠨ ᠤ ᠨᠦᠯᠦᠭᠡᠯᠡᠯ ᠢ ᠲᠡᠳᠦᠢ ᠬᠦᠷᠲᠡᠭᠡ ᠦᠭᠡᠢ᠂ ᠵᠠᠷ ᠮᠡᠳᠡᠭᠡᠨ ᠦ ᠪᠤᠳᠤᠭ ᠢ ᠲᠡᠳᠦᠢ ᠯᠡ ᠰᠠᠭᠤᠯᠭᠠᠭ᠎ᠠ ᠦᠭᠡᠢ ᠲᠤᠯᠠ ᠠᠭᠤᠯᠭ᠎ᠠ ᠶᠢᠨ ᠢᠯᠡᠷᠡᠭᠦᠯᠦᠯ ᠪᠡ ᠤᠷᠠᠯᠢᠭᠲᠤ ᠴᠢᠨᠠᠷ ᠤᠨ ᠬᠦᠭᠡᠭᠡᠴᠡᠯᠳᠦᠯ ᠢ ᠣᠷᠤᠢ ᠶᠢᠨ ᠴᠢᠮᠡᠭ ᠪᠤᠯᠭᠠᠨ ᠰᠢᠲᠦᠵᠦ ᠢᠷᠡᠵᠡᠢ᠃ ᠡᠳᠡᠭᠡᠷ ᠪᠦᠲᠦᠭᠡᠯ ᠨᠢ ᠨᠤᠲᠤᠭ ᠤᠰᠤᠨ ᠤ ᠦᠵᠡᠮᠵᠢ ᠪᠠᠢᠳᠠᠯ᠂ ᠬᠦᠮᠦᠨ ᠠᠷᠠᠳ ᠤᠨ ᠵᠠᠩ ᠲᠦᠷᠬᠦ᠂ ᠦᠨᠡᠨ ᠪᠡ ᠰᠠᠢᠬᠠᠨ ᠤ ᠦᠵᠡᠯᠲᠡ ᠬᠦᠭᠡᠭᠡᠴᠡᠯᠳᠦᠯ᠂ ᠮᠣᠩᠭᠤᠯ ᠦᠨᠳᠦᠰᠦᠲᠡᠨ ᠦ ᠤᠯᠠᠮᠵᠢᠯᠠᠯᠲᠤ ᠦᠷᠲᠡᠭ ᠦᠨ ᠦᠵᠡᠯᠲᠡ᠂ ᠶᠢᠷᠲᠢᠨᠴᠦ ᠶᠢᠨ ᠦᠵᠡᠯᠲᠡ ᠶᠢ ᠨᠡᠭᠡᠯ ᠬᠠᠲᠠᠭᠤ ᠲᠠᠢᠯᠪᠤᠷᠢᠯᠠᠵᠤ ᠪᠠᠢᠳᠠᠭ ᠢᠶᠠᠷ ᠢᠶᠠᠨ ᠣᠨᠴᠠᠯᠢᠭᠳᠠᠨ᠎ᠠ᠃ ᠮᠣᠩᠭᠤᠯ ᠪᠢᠴᠢᠯ ᠺᠢᠨᠤ᠋ ᠶᠢᠨ ᠢᠷᠡᠭᠡᠳᠦᠢ ᠶᠢᠨ ᠬᠦᠭᠵᠢᠯᠲᠡ ᠶᠢᠨ ᠶᠠᠪᠤᠴᠠ ᠳᠤ ᠮᠡᠷᠭᠡᠵᠢᠯ ᠦᠨ ᠳᠡᠭᠡᠭᠰᠢᠯᠡᠭᠦᠯᠦᠯᠲᠡ ᠶᠢᠨ ᠠᠰᠠᠭᠤᠳᠠᠯ ᠠᠴᠠ ᠭᠠᠳᠠᠨ᠎ᠠ ᠪᠢᠴᠢᠯ ᠺᠢᠨᠤ᠋ ᠭᠡᠬᠦ ᠰᠢᠨ᠎ᠡ ᠠᠴᠢᠶᠠᠯᠠᠭᠴᠢ ᠶᠢ ᠬᠡᠷᠬᠢᠨ ᠭᠦᠢᠴᠡᠳ ᠠᠰᠢᠭᠯᠠᠬᠤ ᠶᠢ ᠴᠤ ᠭᠦᠨ ᠪᠤᠳᠤᠭᠤᠰᠢᠲᠠᠢ᠃ ᠡᠨᠡ ᠲᠠᠯ᠎ᠠ ᠪᠠᠷ ᠮᠠᠨ ᠤ ᠣᠷᠤᠨ ᠤ ᠵᠢᠭᠤᠯᠴᠢᠯᠠᠯ ᠤᠨ ᠪᠠᠢᠭᠤᠯᠭ᠎ᠠ ᠨᠤᠭᠤᠳ ᠪᠦᠲᠦᠮᠵᠢᠲᠡᠢ ᠲᠤᠷᠰᠢᠯᠭ᠎ᠠ ᠶᠢ ᠡᠭᠦᠳᠦᠯ᠎ᠡ ᠭᠡᠵᠦ ᠬᠡᠯᠡᠵᠦ ᠪᠤᠯᠤᠨ᠎ᠠ᠃ |
原文 |
查看原文
|
出自 |
中国蒙古学
2015年
第5期
|