题名 |
ᠡᠷᠳᠡᠨ ᠤ ᠮᠤᠩᠭᠤᠯ ᠬᠢᠳᠡᠳ ᠬᠤᠤᠰ ᠬᠡᠯᠡᠨ ᠤ ᠴᠢᠳᠠᠪᠤᠷᠢᠳᠡᠨ ᠤ ᠬᠦᠮᠦᠵᠢᠯ ᠤᠨ ᠴᠢᠬᠤᠯᠠ ᠴᠢᠨ᠋ᠠᠷ |
作者 |
ᠲᠤᠨᠩ ᠰᠡᠴᠡᠨ |
关键词 |
ᠡᠷᠳᠡᠨ ᠤ ᠦᠶ᠎ᠡ; ᠮᠤᠩᠭᠤᠯ ᠬᠢᠳᠡᠳ ᠬᠤᠤᠰ ᠬᠡᠯᠡ; ᠵᠢᠭ᠋ᠠᠨ ᠰᠤᠷᠭ᠋ᠠᠯᠳᠠ; ᠴᠢᠳᠠᠪᠤᠷᠢᠳᠡᠨ |
摘要 |
ᠮᠤᠩᠭᠤᠯ ᠦᠰᠤ᠌ᠭ᠌ ᠪᠢᠴᠢᠭ ᠤᠨ ᠪᠤᠢ ᠪᠤᠯᠤᠭᠰᠠᠨ ᠨᠢ ᠮᠤᠩᠭᠤᠯᠴᠤᠳ ᠤᠨ ᠰᠤᠶᠤᠯ ᠢ ᠲᠡᠯᠡᠭᠡᠢ ᠶᠢᠨ ᠰᠤᠶᠤᠯ ᠲᠠᠢ ᠤᠯᠠᠮ ᠤᠢᠷᠠᠳᠤᠭ᠋ᠤᠯᠵᠦ᠂ ᠶᠤᠸᠠᠨ ᠤᠯᠤᠰ ᠤᠨ ᠦᠶ᠎ᠡ ᠳᠤ ᠮᠤᠩᠭᠤᠯ ᠬᠢᠳᠡᠳ ᠬᠡᠯᠡᠨ ᠳᠤ ᠨᠡᠪᠳᠡᠷᠬᠡᠢ ᠴᠢᠳᠠᠪᠤᠷᠢᠳᠡᠨ ᠤ ᠬᠦᠮᠦᠵᠢᠯ ᠢ ᠬᠦᠨᠳᠤᠳᠭᠡᠵᠦ ᠪᠠᠢᠭᠰᠠᠨ ᠪᠦᠭᠡᠳ ᠡᠢᠮᠦᠷᠬᠦᠤ ᠴᠢᠳᠠᠪᠤᠷᠢᠳᠡᠨ ᠤᠯᠠᠨ ᠴᠤᠯᠭ᠋ᠤᠷᠠᠵᠦ ᠪᠠᠢᠪᠡ᠃ ᠤᠯᠤᠰ ᠤᠨ ᠲᠤᠳᠤᠭ᠋ᠠᠳᠤ ᠬ᠋ᠠᠳᠠᠭ᠋ᠠᠳᠤ ᠶᠢᠨ ᠵᠠᠷᠯᠢᠭ ᠪᠢᠴᠢᠭ᠂ ᠬᠠᠷᠢᠯᠴᠠᠭ᠋ᠠᠨ ᠤ ᠵᠠᠬᠢᠳᠠᠯ ᠴᠢᠮᠡᠭᠡ ᠵᠡᠷᠭᠡ ᠨᠢ ᠮᠤᠩᠭᠤᠯ ᠬᠢᠳᠡᠳ ᠬᠤᠤᠰ ᠬᠡᠯᠡ ᠪᠡᠷ ᠪᠢᠴᠢᠭᠳᠡᠬᠦ ᠨᠢ ᠤᠯᠠᠨ ᠪᠠᠢᠵᠦ᠂ ᠵᠠᠰᠠᠭ ᠤᠨ ᠤᠷᠳᠤᠨ ᠡᠴᠨ ᠰᠤᠷᠭ᠋ᠠᠭ᠋ᠤᠯᠢ ᠡᠷᠬᠢᠯᠡᠵᠦ ᠮᠤᠩᠭᠤᠯ ᠸᠠᠩ ᠭᠦᠩ ᠤᠨ ᠦᠷ᠎ᠡ ᠬᠤᠡᠢᠴᠢᠰ ᠡᠴᠨ ᠲᠡᠷᠢᠬᠦᠯᠡᠨ ᠮᠤᠩᠭᠤᠯ ᠬᠢᠳᠡᠳ ᠬᠤᠤᠰ ᠬᠡᠯᠡ ᠪᠡᠷ ᠵᠢᠭ᠋ᠠᠨ ᠰᠤᠷᠭ᠋ᠠᠵᠦ ᠪᠠᠢᠵᠡᠢ᠃ ᠢᠩᠬᠢᠬᠦᠯᠡᠷ ᠮᠤᠩᠭᠤᠯ ᠬᠢᠳᠡᠳ ᠬᠤᠤᠰ ᠬᠡᠯᠡᠡ ᠤ ᠵᠢᠭ᠋ᠠᠨ ᠰᠤᠷᠭ᠋ᠠᠯᠳᠠ ᠬᠢᠭᠡᠳ ᠮᠤᠩᠭᠤᠯ ᠬᠢᠳᠡᠳ ᠬᠡᠯᠡᠨ ᠳᠤ ᠨᠡᠪᠳᠡᠷᠡᠭᠰᠡᠨ ᠴᠢᠳᠠᠪᠤᠷᠢᠳᠡᠨ ᠤ ᠬᠦᠮᠦᠵᠢᠯ ᠶᠤᠸᠠᠠ ᠤᠯᠤᠰ ᠪᠡᠷ ᠨᠢᠬᠡᠨᠳᠡ ᠡᠬᠢᠯᠡᠭᠰᠡᠨ ᠪᠠᠢᠨ᠎ᠠ᠃ ᠦᠬᠦᠯᠡᠯ ᠳᠤ ᠂ ᠶᠤᠸᠠᠨ ᠂ ᠮᠢᠩ᠂ ᠴᠢᠩ ᠭᠤᠷᠪᠠᠨ ᠲᠦᠷᠦ ᠶᠢᠨ ᠮᠤᠩᠭᠤᠯ ᠬᠢᠳᠡᠳ ᠲᠤᠯᠢ ᠪᠢᠴᠢᠭ ᠤᠨ ᠨᠠᠢᠷᠠᠭ᠋ᠤᠯᠤᠯ ᠬᠢᠭᠡᠳ ᠮᠤᠩᠭᠤᠯ ᠬᠢᠳᠡᠳ ᠬᠤᠤᠰ ᠬᠡᠯᠡᠡ ᠤ ᠵᠢᠭ᠋ᠠᠨ ᠰᠤᠷᠭ᠋ᠠᠯᠳᠠ ᠵᠢ ᠠᠵᠢᠭᠯᠠᠵᠦ᠂ ᠲᠤᠬᠠᠢ ᠶᠢᠨ ᠬᠤᠤᠰ ᠬᠡᠯᠡᠡ ᠤ ᠰᠤᠷᠴᠦ ᠬᠡᠷᠡᠭᠯᠡᠵᠦ ᠪᠠᠢᠭᠰᠠᠨ ᠪᠠᠢᠳᠠᠯ ᠵᠢᠴᠢ ᠲᠡᠤᠭᠡᠨ ᠠᠴᠢ ᠬᠤᠯᠪᠤᠭᠳᠠᠯ ᠢ ᠰᠢᠨᠵᠢᠯᠡᠨ ᠦᠬᠦᠯᠡᠪᠡ᠃ |
原文 |
查看原文
|
出自 |
中国蒙古学
2014年
第5期
|