题名 |
ᠲᠠᠢᠯᠤᠯ ᠵᠦᠢ ᠶᠢᠨ ᠬᠠᠷᠠᠭ᠋ᠠᠨ ᠳ᠋ᠡᠬᠢ ᠤᠳᠤ ᠦᠶ᠎ᠡ ᠶᠢᠨ ᠮᠤᠩᠭᠤᠯ ᠰᠢᠯᠦᠭ ᠰᠢᠬᠦᠮᠵᠢᠯᠡᠯ- ᠰᠢᠯᠤᠭ᠍ᠴᠢ ᠶᠢᠨ ᠵᠤᠷᠢᠯᠳᠠ ᠲᠠᠢ ᠬᠤᠯᠪᠤᠭᠳᠠᠭᠰᠠᠨ ᠲᠸᠺᠰᠲ᠋ ᠲᠤ ᠰᠠᠭ᠋ᠤᠷᠢᠯᠠᠬᠤ ᠨᠢ |
作者 |
ᠴᠠᠨ᠎ᠠ |
关键词 |
ᠲᠠᠢᠯᠤᠯ ᠵᠦᠢ; ᠮᠤᠩᠭᠤᠯ ᠰᠢᠯᠤᠭ᠌ ᠰᠢᠬᠦᠮᠵᠢᠯᠡᠯ; ᠰᠢᠯᠦᠭᠴᠢ ᠶᠢᠨ ᠵᠤᠷᠢᠯᠳᠠ |
摘要 |
ᠲᠸᠺᠰᠲ᠋ ᠤᠨ ᠠᠭ᠋ᠤᠯᠭ᠎ᠠ ᠡᠴᠨ ᠰᠢᠯᠦᠭᠴᠢ ᠶᠢᠨ ᠰᠢᠯᠦᠭ ᠲᠤᠭ᠋ᠤᠷᠪᠢᠬᠤ ᠡᠳᠤᠯᠭᠡᠪᠤᠷᠢ ᠵᠢ ᠢᠯᠡᠷᠡᠬᠦᠯᠬᠦ ᠨᠢ ᠬᠦᠨ ᠲᠠᠪᠬᠤᠷᠭ᠎ᠠ ᠶᠢᠨ ᠰᠤᠳᠤᠯᠤᠯ ᠳᠤ ᠪᠠᠭᠳᠠᠨ᠎ᠠ᠃ ᠡᠬᠦᠨ ᠳᠤ ᠤᠬᠠᠮᠵᠢᠯᠠᠯ᠂ ᠠᠭ᠋ᠤᠳᠠᠯᠤᠯ᠂ ᠰᠢᠷᠬᠠᠭ᠋ᠠᠯ ᠬᠡᠷᠡᠭᠳᠡᠢ᠃ ᠨᠡᠩ ᠤᠷᠠᠨ ᠰᠡᠳᠬᠢᠮᠵᠢ ᠶᠢᠨ ᠠᠵᠢᠯᠯᠠᠭ᠎ᠠ ᠪᠠᠷ ᠲᠠᠮᠵᠢᠵᠦ᠂ ᠴᠠᠭ ᠪᠠ ᠵᠠᠢ ᠶᠢᠨ ᠬᠡᠯᠬᠢᠶᠠᠰᠤ ᠡᠴᠨ ᠲᠡᠤᠭᠡ ᠪᠡ ᠠᠬᠤᠢ ᠳᠤ ᠴᠤᠮᠬᠠᠳᠬᠠᠯ ᠬᠢᠵᠦ ᠨᠠᠢᠳᠠᠪᠤᠷᠢᠳᠡᠢ᠂ ᠢᠳᠡᠭᠡᠮᠵᠢᠳᠡᠢ᠂ ᠪᠠᠳᠤᠳᠡᠢ ᠦᠷ᠎ᠡ ᠳ᠋ᠦᠩ ᠢ ᠬᠤᠷᠢᠶᠠᠩᠭᠤᠢᠯᠡᠠ ᠭᠠᠷᠭ᠋ᠠᠬᠤ ᠨᠢ ᠲᠤᠩ ᠴᠢᠬᠤᠯᠠ ᠠᠴᠢ ᠬᠤᠯᠪᠤᠭᠳᠠᠯ ᠲᠠᠢ ᠪᠠᠢᠳᠠᠭ᠃ ᠡᠨ᠋ᠡ ᠦᠶ᠎ᠡ ᠳᠤ ᠰᠢᠬᠦᠮᠵᠢᠯᠡᠭᠴᠢᠳ ᠵᠤᠷᠢᠭ᠋ᠤᠳᠠ ᠪᠠᠷ ᠦᠪᠡᠷ ᠤᠨ ᠤᠬᠠᠮᠰᠠᠷ ᠡᠴᠨ ᠪᠠᠨ ᠰᠠᠯᠵᠦ ᠰᠢᠯᠤᠭᠴᠢ ᠶᠢᠨ ᠤᠭᠠᠮᠰᠠᠷ ᠲᠤ ᠰᠢᠯᠵᠢᠬᠦ ᠤᠶᠤᠨ ᠤ ᠠᠵᠢᠯᠯᠠᠭ᠎ᠠ ᠵᠢ ᠦᠷᠨ᠋ᠢᠬᠦᠯᠳᠡᠭ᠃ ᠱᠠᠯᠠᠢᠷᠮᠡᡁ᠌᠋᠌ ᠤᠨ ᠤᠨ᠋ᠤᠯ ᠳᠤ ᠡᠬᠦᠨ ᠢ ᠤᠢᠯᠠᠭ᠋ᠠᠯᠳᠠ ᠶᠢᠨ ᠲᠠᠬᠢᠨ ᠪᠦᠳᠤᠭᠡᠭᠳᠡᠬᠦ ᠶᠠᠪᠤᠴᠠ ᠭᠡᠵᠦ ᠦᠵᠡᠨ᠂ ᠰᠢᠯᠦᠭᠴᠢ ᠶᠢᠨ ᠤᠤᠯ ᠵᠤᠷᠢᠯᠭ᠎ᠠ ᠳᠤ ᠪᠤᠴᠠᠭ᠋ᠠᠬᠤ ᠦᠢᠯᠡ ᠵᠢ ᠤᠨ᠋ᠤᠯ ᠤᠨ ᠬᠤᠪᠢ ᠳᠤ ᠲᠠᠮᠵᠢᠨ᠂ ᠤᠢᠯᠠᠭ᠋ᠠᠯᠳᠠ ᠪᠠᠷ ᠲᠠᠮᠵᠢᠵᠦ᠂ ᠲᠸᠺᠰᠲ᠋ ᠤᠨ ᠵᠤᠬᠢᠶᠠᠭᠴᠢ ᠶᠢᠨ ᠰᠡᠳᠬᠢᠯᠭᠡᠨ ᠤ ᠯᠡᠪᠡᠷᠠᠯ ᠢ ᠲᠠᠬᠢᠨ ᠦᠩᠭᠡᠷᠡᠬᠦᠯᠬᠦ ᠵᠢ ᠱᠠᠭ᠋ᠠᠷᠳᠡᠳᠡᠭ᠃ ᠪᠢᠳᠡ ᠡᠢᠮᠤᠷᠬᠦ ᠤᠢᠯᠠᠭ᠋ᠠᠯᠳᠠ ᠶᠢᠨ ᠶᠠᠪᠤᠴᠠ ᠵᠢ ᠲᠠᠮᠵᠢᠭᠰᠠᠨ ᠲᠠᠢᠯᠤᠯ ᠢ ᠬᠠᠷᠢᠴᠠᠩᠭᠤᠢ ᠪᠠᠷ ᠪᠤᠳᠠᠰᠴᠢ ᠳ᠋ᠦᠩᠨ᠋ᠠᠯᠳᠠ ᠤᠯᠳᠠᠭ ᠭᠡᠵᠦ ᠵᠢᠱᠢᠨ᠂ ᠰᠢᠯᠦᠭᠴᠢ ᠶᠢᠨ ᠵᠤᠷᠢᠯᠳᠠ ᠪᠠᠷ ᠰᠢᠬᠦᠮᠵᠢᠯᠡᠯ ᠤᠨ ᠪᠠᠷᠢᠮᠵᠢᠶ᠎ᠠ ᠪᠤᠯᠭ᠋ᠠᠬᠤ ᠶᠢᠨ ᠪᠦᠳᠤᠮᠵᠢᠳᠤ ᠰᠢᠨᠵᠢ ᠶᠢᠨ ᠲᠤᠬᠠᠢ ᠰᠢᠨᠵᠢᠯᠡᠬᠦ ᠪᠤᠯᠤᠨ᠎ᠠ᠃ ᠡᠨᠳᠡ ᠰᠢᠯᠦᠭᠴᠢ ᠶᠢᠨ ᠵᠤᠷᠢᠯᠳᠠ ᠶᠢᠨ ᠰᠤᠳᠤᠯᠤᠯ ᠨᠢ ᠡᠴᠤᠰ ᠰᠡᠬᠦᠯ ᠳ᠋ᠡᠭᠡᠨ ᠨᠠᠮᠳᠠᠷᠴᠢᠯᠠᠭᠰᠠᠨ ᠰᠤᠳᠤᠯᠤᠯ ᠵᠦᠭ ᠬᠦᠭᠵᠢᠨ ᠬᠠᠷᠢᠴᠠᠩᠭᠤᠢ ᠦᠵᠡᠯ ᠤᠨ ᠬᠦᠨ ᠬᠦᠪ ᠲᠤ ᠤᠨ᠋ᠠᠬᠤ ᠠᠶᠤᠯ ᠲᠠᠢ᠃ |
原文 |
查看原文
|
出自 |
中国蒙古学
2014年
第3期
|