论文信息


题名 《ᠵᠠᠩᠭᠠᠷ》 ᠲᠡᠬᠢ ᠬᠤᠷᠢᠮ ᠤᠨ 《ᠦᠷᠭᠦᠭᠡ ᠪᠠᠢᠭ᠋ᠤᠯᠬᠤ》 ᠵᠠᠩ ᠦᠢᠯᠡ ᠶᠢᠨ ᠲᠤᠬᠠᠢ
作者 ᠪᠤᠤ ᠰᠠᠷᠠᠭ᠋ᠤᠯ
关键词 《ᠵᠠᠩᠭᠠᠷ》; ᠦᠷᠭᠦᠭᠡ ᠪᠠᠢᠬ᠋ᠤᠯᠬᠤ ᠵᠠᠩ ᠦᠢᠯᠡ; ᠠᠮᠠᠨ ᠤᠯᠠᠮᠵᠢᠯᠠᠯᠳᠤ ᠰᠢᠨᠵᠢ ; ᠰᠤᠶᠤᠯ ᠤᠨ ᠠᠭ᠋ᠤᠯᠤᠭᠳᠠᠬᠤᠨ
摘要 《ᠵᠠᠩᠭᠠᠷ》 ᠨᠢ ᠠᠯᠢ ᠡᠷᠳᠡ ᠠᠳᠠᠯᠢ ᠪᠤᠰᠤ ᠭᠠᠵᠠᠷ ᠤᠷᠤᠨ ᠪᠡ ᠠᠳᠠᠯᠢ ᠪᠤᠰᠤ ᠤᠪᠤᠭ ᠶᠠᠰᠤᠳᠡᠨ ᠤ ᠲᠤᠮᠳᠠ ᠲᠡᠯᠭᠡᠷᠡᠨ ᠤᠯᠠᠮᠵᠢᠯᠠᠭᠳᠠᠬᠤ ᠶᠠᠪᠤᠴᠠ ᠳ᠋ᠠᠭ᠋ᠠᠨ ᠠᠳᠡᠯᠢ ᠪᠤᠰᠤ ᠴᠠᠭ ᠦᠶ᠎ᠡ᠂ ᠠᠳᠠᠯᠢ ᠪᠤᠰᠤ ᠭᠠᠵᠠᠷ ᠤᠷᠤᠨ᠂ ᠠᠳᠠᠯᠢ ᠪᠤᠰᠤ ᠤᠪᠤᠭ ᠶᠠᠰᠤᠳᠡᠨ ᠤ ᠵᠠᠩ ᠦᠢᠯᠡ ᠶᠢᠨ ᠰᠤᠶᠤᠯ ᠢ ᠠᠭ᠋ᠤᠰᠬᠠᠨ ᠰᠢᠩᠭᠡᠭᠡᠭᠰᠡᠭᠡᠷ ᠢᠷᠡᠭᠰᠡᠨ ᠪᠤᠯᠭᠤᠷ ᠮᠤᠩᠭᠤᠯ ᠦᠨᠳᠤᠰᠤᠳᠡᠨ ᠤ 《ᠵᠠᠩ ᠦᠢᠯᠡ ᠶᠢᠨ ᠨᠡᠪᠳᠡᠷᠭᠡᠢ ᠲᠤᠯᠢ》᠋ ᠶᠢᠨ ᠨᠢᠭᠡ ᠪᠤᠯᠤᠭᠰᠠᠨ ᠪᠠᠢᠨ᠎ᠠ᠃ ᠨᠦᠭᠦᠬᠡ ᠲᠠᠯ᠎ᠠ ᠪᠠᠷ ᠵᠠᠩᠭᠠᠷᠴᠢ ᠡᠴᠨ 《ᠵᠠᠩᠭᠠᠷ》᠋ ᠢ ᠤᠯᠠᠮᠵᠢᠯᠡᠨ ᠲᠠᠮᠵᠢᠭ᠋ᠤᠯᠬᠤ ᠶᠠᠪᠤᠴᠠ ᠳ᠋ᠠᠭ᠋ᠠᠨ ᠦᠪᠡᠷ ᠤᠨ ᠮᠡᠳᠡᠵᠦ ᠤᠢᠯᠠᠭ᠋ᠠᠵᠦ ᠪᠠᠢᠭ᠎ᠠ ᠵᠠᠩ ᠦᠢᠯᠡ ᠶᠢᠡᠨ《ᠵᠠᠩᠭᠠᠷ》 ᠲᠤ ᠠᠭ᠋ᠤᠰᠭᠠᠨ ᠰᠢᠩᠭᠡᠭᠡᠳᠡᠭ ᠡᠴᠨ ᠠᠳᠠᠯᠢ ᠪᠤᠰᠤ ᠵᠠᠩᠭᠠᠷᠴᠢ ᠶᠢᠨ ᠬᠠᠢᠯᠠᠭᠰᠠᠨ《 ᠵᠠᠩᠭᠠᠷ》 ᠲᠤ ᠢᠯᠡᠷᠡᠬᠦ ᠬᠤᠷᠢᠮ ᠤᠨ ᠵᠠᠩ ᠦᠢᠯᠡ ᠨᠢ ᠠᠳᠠᠯᠢ ᠦᠬᠡᠢ ᠪᠤᠯᠳᠠᠭ ᠨᠢ ᠲᠤᠳᠤᠷᠬᠠᠢ ᠪᠠᠢᠨ᠎ᠠ᠃ ᠡᠢᠮᠦ ᠡᠴᠨ《ᠵᠠᠩᠭᠠᠷ》 ᠨᠢ ᠶᠠᠮᠠᠷ ᠴᠦ ᠭᠠᠵᠠᠷ ᠤᠷᠤᠨ ᠪᠡ ᠤᠪᠤᠭ ᠶᠠᠰᠤᠳᠡᠨ ᠤ ᠶᠠᠮᠠᠢ ᠨᠢᠭᠡᠨ ᠵᠠᠩ ᠦᠢᠯᠡ ᠵᠢ ᠲᠡᠷᠡ ᠮᠦᠨ ᠪᠡᠷ ᠨᠢ ᠲᠤᠰᠬᠠᠵᠦ ᠲᠠᠢᠯᠬᠦ ᠦᠬᠡᠢ ᠮᠦᠷᠳᠡᠭᠡᠨ《 ᠵᠠᠩᠬ᠋ᠠᠷ》 ᠲᠤ ᠢᠯᠡᠷᠡᠭᠰᠡᠨ ᠵᠠᠩ ᠦᠢᠯᠡ ᠨᠢ ᠶᠠᠮᠠᠷ ᠨᠢᠭᠡᠨ ᠭᠠᠵᠠᠷ ᠤᠷᠤᠨ ᠪᠤᠶᠤ ᠤᠪᠤᠭ ᠠᠢᠮᠠᠭ ᠤᠨ ᠲᠤᠰᠬᠠᠢ ᠵᠠᠩ ᠦᠢᠯᠡ ᠪᠢᠰᠢ ᠂ ᠬᠠᠷᠢᠨ ᠪᠦᠬᠦ ᠮᠤᠩᠭᠤᠯ ᠤᠨ ᠵᠠᠩ ᠦᠢᠯᠡ ᠵᠢ ᠠᠭᠤᠭ᠋ᠤᠯᠵᠦ ᠪᠠᠢᠳᠠᠭ᠃
原文 查看原文
出自 中国蒙古学 2014年 第4期

联系我们


内蒙古大学图书馆
呼和浩特市大学西路235号
中国·内蒙古
P: (0471) 4992561
E: huangfeilong@imu.edu.cn