论文信息


题名 ᠦᠭᠡᠳᠡᠢ ᠬᠠᠭᠠᠨ ᠪᠤᠯᠤᠨ ᠮᠦᠰᠯᠢᠮ ᠠᠷᠠᠯᠵᠢᠶᠠᠴᠢᠳ ᠤᠨ ᠬᠠᠷᠢᠴᠠᠭᠠᠨ ᠤ ᠲᠤᠬᠠᠢ ᠦᠭᠦᠯᠡᠬᠦ ᠨᠢ
作者 ᠰᠠᠷᠠᠨ᠎ᠠ
关键词 ᠬᠠᠷᠠᠬᠤᠷᠤᠮ ᠬᠤᠲᠠ; ᠦᠭᠡᠳᠡᠢ ᠬᠠᠭᠠᠨ; ᠮᠦᠰᠯᠢᠮ ᠠᠷᠠᠯᠵᠢᠶᠠᠴᠢᠳ
摘要 ᠦᠩᠭᠡᠷᠡᠭᠰᠡᠨ ᠳᠦ ᠡᠷᠳᠡᠮᠲᠡᠳ ᠶᠤᠸᠠᠨ ᠤᠯᠤᠰ ᠤᠨ ᠦᠶ᠎ᠡ ᠳᠡᠬᠢ ᠤᠷᠳᠤᠭ ᠠᠷᠠᠯᠵᠢᠶᠠᠴᠢᠳ ᠢ ᠰᠤᠳᠤᠯᠤᠭᠰᠠᠨ ᠪᠤᠯᠪᠠᠴᠤ ᠦᠭᠡᠳᠡᠢ ᠬᠠᠭᠠᠨ ᠪᠤᠯᠤᠨ ᠮᠦᠰᠯᠢᠮ ᠠᠷᠠᠯᠵᠢᠶᠠᠴᠢᠳ ᠤᠨ ᠬᠠᠷᠢᠴᠠᠭᠠᠨ ᠤ ᠲᠤᠬᠠᠢ ᠳᠡᠮᠡᠢ ᠰᠤᠳᠤᠯᠭ᠎ᠠ ᠦᠭᠡᠢ ᠪᠠᠢ᠌ᠵᠠᠢ᠃ ᠢᠯᠠᠩ᠋ᠭᠤᠶ᠎ᠠ ᠦᠭᠡᠳᠡᠢ ᠬᠠᠭᠠᠨ ᠤ ᠦᠶ᠎ᠡ ᠳᠡᠬᠢ ᠠᠯᠲᠠᠨ ᠮᠦᠩᠭᠦᠨ ᠪᠠᠯᠢᠱ ᠵᠢᠭᠡᠯᠡᠭᠦᠯᠵᠦ ᠬᠤᠳᠠᠯᠳᠤᠭ᠎ᠠ ᠮᠠᠢ᠌ᠮᠠᠢ ᠬᠢᠯᠭᠡᠵᠦ ᠪᠠᠢ᠌ᠭᠰᠠᠨ ᠲᠤᠬᠠᠢ ᠰᠤᠳᠤᠯᠭ᠎ᠠ ᠨᠡᠩ ᠴᠦ ᠬᠤᠪᠤᠷ ᠪᠠᠢ᠌ᠭᠰᠠᠭᠠᠷ᠃ ᠲᠡᠷᠡᠴᠢᠯᠡᠨ ᠵᠠᠷᠢᠮ ᠡᠷᠳᠡᠮᠲᠡᠳ ᠦᠭᠡᠳᠡᠢ ᠬᠠᠭᠠᠨ ᠤ 《ᠦᠯᠢᠭᠡᠷ》ᠲᠦ ᠰᠡᠵᠢᠭ ᠲᠦᠷᠦᠵᠦ ᠡᠨᠡ ᠬᠦ ᠦᠯᠢᠭᠡᠷ ᠨᠢ ᠢᠲᠡᠭᠡᠮᠵᠢ ᠪᠡᠷ ᠠᠨᠠᠢ ᠬᠡᠮᠡᠨ ᠲᠡᠦᠬᠡᠲᠦ ᠮᠠᠲ᠋ᠧᠷᠢᠶᠠᠯ ᠪᠤᠯᠭᠠᠨ ᠠᠰᠢᠭᠯᠠᠳᠠᠭ ᠦᠭᠡᠢ ᠪᠠᠢ᠌ᠵᠠᠢ᠃ ᠲᠤᠰ ᠦᠭᠦᠯᠡᠯ ᠳᠦ ᠦᠭᠡᠳᠡᠢ ᠬᠠᠭᠠᠨ ᠤ ᠦᠶ᠎ᠡ ᠳᠡᠬᠢ ᠬᠠᠷᠠᠬᠤᠷᠤᠮ ᠬᠤᠲᠠᠨ ᠳᠠᠬᠢ ᠮᠦᠰᠯᠢᠮ ᠠᠷᠠᠯᠵᠢᠶᠠᠨ ᠤ ᠬᠦᠭ᠍ᠵᠢᠶᠡᠨ ᠲᠡᠢ ᠶᠠᠪᠤᠭᠳᠠᠵᠤ ᠪᠠᠢ᠌ᠭᠰᠠᠨ ᠵᠢᠴᠢ ᠦᠭᠡᠳᠡᠢ ᠬᠠᠭᠠᠨ ᠪᠤᠯᠤᠨ ᠮᠦᠰᠯᠢᠮ ᠠᠷᠠᠯᠵᠢᠶᠠᠴᠢᠳ ᠤᠨ ᠲᠤᠬᠠᠢ ᠲᠡᠦᠬᠡᠲᠦ ᠰᠤᠷᠪᠤᠯᠵᠢᠰ ᠪᠤᠯᠤᠨ 《ᠦᠯᠢᠭᠡᠷ》ᠲᠦ ᠲᠡᠮᠳᠡᠭᠯᠡᠭᠳᠡᠭᠰᠡᠨ ᠪᠤᠳᠠᠲᠠᠢ ᠦᠢᠯᠡ ᠶᠠᠪᠤᠳᠠᠯ ᠳᠤ ᠨᠠᠷᠢᠨ ᠵᠠᠳᠠᠯᠤᠯᠲᠠ ᠬᠢᠵᠦ᠂ ᠡᠩ ᠦᠨ ᠮᠦᠰᠯᠢᠮ ᠠᠷᠠᠯᠵᠢᠶᠠᠴᠢᠳ ᠪᠠ ᠤᠷᠲᠤᠭ ᠠᠷᠠᠯᠵᠢᠶᠠᠴᠢᠳ ᠤᠨ ᠣᠨᠴᠠᠯᠢᠭ ᠰᠢᠨᠵᠢ ᠳᠦ ᠨᠠᠷᠢᠨ ᠰᠤᠳᠤᠯᠭ᠎ᠠ ᠬᠢᠬᠦ ᠶᠢ ᠵᠤᠷᠢᠪᠠ᠃
原文 查看原文
出自 中国蒙古学 2013年 第6期

联系我们


内蒙古大学图书馆
呼和浩特市大学西路235号
中国·内蒙古
P: (0471) 4992561
E: huangfeilong@imu.edu.cn