摘要 |
ᠦᠪᠦᠷ ᠬᠠᠯᠬ᠎ᠠ ᠲᠠᠪᠤᠨ ᠠᠢ᠌ᠮᠠᠭ ᠪᠤᠯ ᠵᠠᠷᠤᠳ᠂ ᠪᠠᠭᠠᠷᠢᠨ᠂ ᠬᠤᠩᠭᠢᠷᠠᠳ᠂ ᠪᠠᠶᠠᠳ᠂ ᠦᠵᠢᠶᠡᠳ ᠵᠡᠷᠭᠡ ᠠᠢ᠌ᠮᠠᠭ ᠪᠤᠯᠤᠨ᠎ᠠ᠃ ᠪᠠᠲᠦ᠋᠋ᠮᠦᠩᠬᠡ ᠲᠠᠶᠤᠨ ᠬᠠᠭᠠᠨ ᠤ ᠦᠶ᠎ᠡ ᠳᠦ ᠂ ᠪᠦᠬᠦ ᠮᠣᠩ᠋ᠭᠤᠯ ᠢᠶᠠᠨ ᠵᠡᠭᠦᠨ ᠪᠠᠷᠠᠭᠤᠨ ᠵᠢᠷᠭᠤᠭᠠᠨ ᠲᠦᠮᠡᠨ ᠦ ᠴᠡᠷᠢᠭ ᠵᠠᠰᠠᠭ ᠤᠨ ᠵᠤᠬᠢᠶᠠᠨ ᠪᠠᠢ᠌ᠭᠤᠯᠤᠯᠲᠠ ᠬᠤᠪᠢᠶᠠᠭᠰᠠᠨ ᠤ ᠳᠤᠲᠤᠷᠠᠬᠢ ᠵᠡᠭᠦᠨ ᠭᠤᠷᠪᠠᠨ ᠲᠦᠮᠡᠨ ᠦ ᠨᠢᠭᠡ ᠨᠢ ᠪᠤᠯᠬᠤ ᠬᠠᠯᠬ᠎ᠠ ᠲᠦᠮᠡᠨ ᠦ ᠨᠢᠭᠡᠨ ᠰᠠᠯᠠᠭ᠎ᠠ ᠶᠤᠮ᠃ ᠮᠢᠩ ᠤᠯᠤᠰ ᠤᠨ ᠰᠡᠭᠦᠯᠴᠢ ᠦᠶ᠎ᠡ ᠪᠤᠯᠲᠠᠯ᠎ᠠ ᠬᠦᠴᠦᠷᠬᠡᠭ᠌ ᠪᠠᠢ᠌ᠵᠤ᠂ ᠮᠢᠩ ᠤᠯᠤᠰ ᠪᠤᠯᠤᠨ ᠮᠣᠩ᠋ᠭᠤᠯ ᠤᠨ ᠬᠢᠯᠢ ᠬᠢᠵᠠᠭᠠᠷ ᠳᠠᠭᠠᠤ ᠨᠡᠭᠦᠳᠡᠯᠯᠡᠨ ᠮᠠᠯᠵᠢᠬᠤ ᠪᠠᠢ᠌ᠭᠰᠠᠨ ᠡᠨᠡ ᠦᠪᠦᠷ ᠬᠠᠯᠬ᠎ᠠ ᠲᠠᠪᠤᠨ ᠠᠢ᠌ᠮᠠᠭ ᠨᠢ ᠪᠤᠳᠠᠲᠠᠢ ᠴᠤᠬᠤᠮ ᠬᠠᠮᠢᠭᠠᠭᠤᠡᠷ ᠨᠤᠲᠤᠭᠯᠠᠵᠤ ᠠᠭᠰᠠᠨ ᠢ ᠨᠢᠭ᠌ᠲᠠᠯᠠᠨ ᠲᠤᠳᠤᠷᠠᠭᠤᠯᠬᠤ ᠨᠢ ᠮᠠᠰᠢ ᠴᠢᠬᠤᠯᠠ ᠡᠷᠳᠡᠮ ᠰᠢᠨᠵᠢᠯᠡᠭᠡᠨ ᠦ ᠠᠴᠢ ᠬᠤᠯᠪᠤᠭᠳᠠᠯ ᠲᠠᠢ ᠶᠤᠮ᠃ |