摘要 |
ᠪᠠᠮᠪᠠᠳᠡᠢ ᠪᠤᠯ ᠳᠤᠮᠳᠠᠳᠤ ᠤᠯᠤᠰ ᠤᠨ ᠲᠡᠦᠬᠡᠨ ᠳᠡᠭᠡᠷ ᠡ ᠨᠡᠷ ᠡ ᠠᠯᠲᠠᠷ ᠶᠢᠨᠨ ᠮᠠᠨᠳᠤᠯᠤᠭᠤᠭᠰᠠᠨ ᠮᠣᠩᠭᠣᠯ ᠦᠨᠳᠦᠰᠦᠳᠡᠨ ᠦ ᠰᠤᠳᠤᠨ ᠡᠮᠡᠭᠳᠡᠢ ᠪᠤᠯᠤᠨ᠎ᠠ᠃ ᠳᠡᠷᠡ ᠴᠢᠩ ᠤᠯᠤᠰ ᠤᠨ ᠮᠠᠨᠳᠤᠨ ᠲᠤᠭᠳᠠᠨᠢᠬᠤ ᠲᠡᠦᠬᠡ ᠶᠢᠨ ᠵᠠᠩᠬᠢᠯᠠᠭ᠎ᠠ ᠶᠢᠨ ᠴᠠᠭ ᠦᠶ ᠡ ᠳᠤ ᠴᠢᠬᠤᠯᠠ ᠦᠢᠯᠡᠳᠦᠯ ᠭᠠᠷᠭᠠᠵᠤ᠂ ᠨᠢᠭᠡ ᠨᠠᠰᠤᠨ ᠳᠠᠭᠠᠨ ᠴᠢᠩ ᠤᠯᠤᠰ ᠤᠨ ᠲᠦᠷᠦ ᠶᠢᠨ ᠭᠤᠷᠪᠠᠨ ᠦᠶ ᠡ ᠶᠢᠨ ᠬᠠᠭᠠᠨ ᠢ ᠠᠮᠵᠢᠯᠲᠠ ᠲᠠᠢ ᠳᠡᠦᠭᠦᠨ ᠲᠤᠰᠠᠯᠠᠭᠰᠠᠨ ᠡᠴᠡ ᠴᠢᠩ ᠤᠯᠤᠰ ᠤᠨ ᠲᠦᠷᠦ ᠶᠢᠨ ᠮᠡᠨᠳᠤᠯ ᠬᠦᠭ᠍ᠵᠢᠯ ᠪᠠ ᠨᠢᠭᠡᠳᠦᠯ ᠪᠡᠬᠢᠵᠢᠯ ᠳᠤ ᠪᠠᠳᠤ ᠰᠠᠭᠤᠷᠢ ᠶᠢ ᠳᠠᠯᠪᠢᠨ ᠦᠭᠴᠦ ᠂ ᠮᠠᠨ ᠦ ᠤᠯᠤᠰ ᠤᠨ ᠲᠡᠦᠬᠡᠨ ᠳᠡᠭᠡᠷ ᠡ ᠲᠤᠢᠯ ᠤᠨ ᠶᠡᠬᠡ ᠨᠡᠮᠡᠷᠢ ᠬᠠᠨᠳᠢᠪ ᠶᠢᠨ ᠦᠵᠡᠭᠦᠯᠦᠭᠰᠡᠨ ᠶᠡᠬᠡ ᠭᠠᠪᠢᠶᠠᠳᠠᠨ᠂ ᠲᠦᠲᠦ ᠶᠢᠨ ᠵᠢᠳᠭᠦᠯᠳᠡᠨ᠂ ᠰᠢᠯᠭᠠᠷᠠᠭᠰᠠᠨ ᠤᠯᠤᠰ ᠲᠦᠷᠦᠴᠢᠨ ᠪᠤᠯᠤᠨ᠎ᠠ᠃ |