摘要 |
ᠣᠢ᠌ᠷᠠᠳ ᠮᠣᠩ᠋ᠭᠤᠯᠴᠤᠳ ᠪᠠᠭᠠᠲᠤᠷ ᠤᠨ ᠲᠤᠤᠯᠢ ᠪᠠᠨ ᠬᠠᠢ᠌ᠯᠠᠬᠤ ᠠᠴᠠ ᠪᠠᠨ ᠡᠮᠦᠨ᠎ᠡ ᠵᠠᠪᠠᠯ 《ᠠᠯᠳᠠᠢ ᠶᠢᠨ ᠮᠠᠭᠲᠠᠭᠠᠯ》᠋ ᠢ ᠬᠠᠢ᠌ᠯᠠᠵᠤ ᠰᠠᠨᠠᠭ᠎ᠠ ᠰᠡᠳᠬᠢᠯ ᠢᠶᠡᠨ ᠢᠯᠡᠷᠭᠡᠢ᠌ᠯᠡᠳᠡᠭ᠂ ᠡᠭᠦᠨ ᠡᠴᠡ ᠦᠨᠳᠦᠰᠦᠯᠡᠭᠡᠳ 《ᠠᠯᠳᠠᠢ ᠦᠭᠡᠢ ᠲᠤᠤᠯᠢ ᠲᠤᠤᠯᠢ ᠪᠢᠰᠢ᠂ ᠠᠪᠠᠭᠠᠢ ᠦᠭᠡᠢ ᠠᠢ᠌ᠯ ᠠᠢ᠌ᠯ ᠪᠢᠰᠢ》ᠭᠡᠳᠭ ᠦᠭᠡ ᠭᠠᠷᠴᠠᠢ᠃ ᠲᠦᠷᠪᠡᠳ ᠶᠠᠰᠤᠲᠠᠨ 《ᠠᠯᠲᠠᠢ ᠬᠠᠢ᠌ᠯᠠᠨᠠ》ᠭᠡᠳᠡᠭ᠂ ᠤᠷᠢᠶᠠᠩ᠋ᠬᠠᠢ ᠵᠡᠷᠭᠡ ᠶᠠᠰᠤᠲᠠᠨ 《ᠠᠯᠲᠠᠢ ᠶᠢᠨ ᠮᠠᠭᠲᠠᠭᠠᠯ》ᠭᠡᠳᠡᠭ᠃ ᠠᠯᠳᠠᠢ ᠶᠢᠨ ᠮᠠᠭᠲᠠᠭᠠᠯ ᠪᠤᠯ ᠣᠢ᠌ᠷᠠᠳ ᠮᠣᠩ᠋ᠭᠤᠯᠴᠤᠳ ᠤᠨ ᠳᠤᠮᠳᠠ ᠨᠡᠯᠢᠶᠡᠳ ᠲᠦᠭᠡᠮᠡᠯ ᠳᠡᠯᠭᠡᠷᠡᠭᠰᠡᠨ ᠠᠮᠠᠨ ᠢᠷᠠᠭᠤ ᠨᠠᠢ᠌ᠷᠠᠭ ᠤᠨ ᠨᠢᠭᠡᠨ ᠲᠦᠷᠦᠯ ᠪᠤᠯᠤᠨ᠎ᠠ᠃ ᠠᠯᠳᠠᠢ ᠶᠢᠨ ᠮᠠᠭᠲᠠᠭᠠᠯ ᠤᠨ ᠡᠭᠦᠰᠦᠯ ᠨᠡᠷᠡᠢ᠌ᠳᠦᠯ᠂ ᠠᠭᠤᠯᠭ᠎ᠠ ᠰᠠᠨᠠᠭ᠎ᠠ ᠵᠢᠴᠢ ᠬᠠᠢ᠌ᠯᠠᠬᠤ ᠶᠤᠰᠤ ᠵᠠᠩᠰᠢᠯ ᠠᠴᠠ ᠦᠵᠡᠪᠡᠯ᠂ ᠲᠡᠷᠡ ᠨᠢ ᠡᠷᠲᠡᠨ ᠦ ᠮᠣᠩ᠋ᠭᠤᠯᠴᠤᠳ ᠤᠨ ᠡᠬᠡ ᠪᠠᠢ᠌ᠭᠠᠯᠢ ᠶᠢᠨ ᠬᠠᠢ᠌ᠷ᠎ᠠ ᠢᠪᠡᠭᠡᠯ ᠢ ᠬᠦᠷᠲᠡᠵᠦ ᠢᠷᠡᠭᠰᠡᠨ ᠬᠠᠢ᠌ᠷ᠎ᠠ ᠰᠡᠳᠬᠢᠯᠭᠡ ᠶᠢᠨ ᠢᠯᠡᠷᠭᠡᠢ᠌ᠯᠡᠯ ᠪᠤᠯᠤᠨ᠎ᠠ᠃ |