摘要 |
ᠬᠤᠷᠠᠯᠳᠠᠢ ᠶᠢᠨ ᠲᠦᠷᠢᠮ ᠪᠣᠯ ᠮᠣᠩᠭ᠋ᠤᠯ ᠤᠨ ᠦᠨᠳᠦᠷᠯᠢᠭ ᠲᠡᠬᠢ ᠨᠡᠭᠦᠳᠡᠯᠴᠢᠳ ᠡᠴᠡ ᠤᠯᠠᠮᠵᠢᠯᠠᠭᠳᠠᠵᠤ ᠢᠷᠡᠭᠰᠡᠨ ᠤᠯᠤᠰ ᠲᠦᠷᠦ ᠶᠢᠨ ᠲᠦᠷᠢᠮ ᠪᠢᠯᠡ᠃ ᠶᠡᠬᠡ ᠮᠣᠩᠭ᠋ᠤᠯ ᠤᠯᠤᠰ ᠤᠨ ᠦᠶ ᠡ ᠳᠤ ᠬᠤᠷᠠᠯᠳᠠᠢ ᠶᠢᠨ ᠴᠠᠷᠠᠭ᠋ ᠠ ᠬᠦᠷᠢᠶ ᠡ᠂ ᠠᠭᠤᠯᠭ᠋ ᠠ᠂ ᠠᠴᠢ ᠬᠣᠯᠪᠤᠭᠳᠠᠯ ᠦᠷᠭᠡᠵᠢᠨ ᠨᠡᠮᠡᠭᠳᠡᠵᠦ᠂ ᠲᠦᠷᠦ ᠶᠢᠨ ᠶᠡᠬᠡ ᠴᠢᠭᠤᠯᠭᠠᠨ ᠤ ᠲᠦᠪᠰᠢᠨ ᠳᠤ ᠬᠦᠷᠴᠦ᠂ ᠰᠢᠨ᠌ ᠠ ᠬᠠᠭᠠᠨ ᠢ ᠰᠤᠩᠭ᠋ᠤᠨ ᠲᠤᠭᠲᠠᠭᠠᠬᠤ᠂ ᠲᠠᠢᠢᠨ ᠲᠤᠯᠤᠯᠳᠤᠭᠠᠨ ᠤ ᠠᠰᠠᠭᠤᠳᠠᠯ ᠵᠡᠷᠭᠡ ᠲᠦᠷᠦ ᠤᠯᠤᠰ ᠤᠨ ᠴᠢᠨᠠᠷ ᠲᠠᠢ ᠲᠣᠮᠤᠬᠠᠨ ᠬᠡᠷᠡᠭ ᠶᠠᠪᠤᠳᠠᠯ ᠢ ᠶᠡᠷᠢᠯᠴᠠᠵᠤ ᠰᠢᠢᠳᠪᠦᠷᠢᠯᠡᠬᠦ ᠬᠠᠮᠤᠭ ᠲᠡᠭᠡᠳᠦ ᠲᠦᠷᠦ ᠶᠢᠨ ᠡᠷᠭᠡᠲᠦ ᠪᠠᠢᠭᠤᠯᠭ᠋ ᠠ ᠪᠣᠯᠤᠭᠰᠠᠨ ᠶᠣᠮ᠃ ᠲᠤᠰ ᠦᠭᠦᠯᠡᠯ ᠳᠤ ᠬᠤᠷᠠᠯᠲᠠᠢ ᠶᠢᠨ ᠤᠬᠠᠭᠳᠠᠬᠤᠨ ᠪᠠ ᠬᠤᠷᠠᠯᠳᠠᠢ ᠶᠢᠨ ᠲᠦᠷᠢᠮ ᠤᠨ ᠢᠷᠡᠯᠲᠡ᠂ ᠬᠤᠷᠠᠯᠳᠠᠢ ᠳᠤ ᠣᠷᠤᠯᠴᠠᠭᠰᠠᠳ ᠪᠡ ᠬᠤᠷᠠᠯᠳᠤᠬᠤ ᠭᠠᠵᠠᠷ᠂ ᠬᠤᠷᠠᠯᠳᠠᠢ ᠶᠢᠨ ᠤᠯᠠᠮᠵᠢᠯᠠᠯ ᠪᠠ ᠱᠠᠭᠠᠷᠳᠠᠯᠭ᠋ ᠠ᠂ᠬᠤᠷᠠᠯᠳᠠᠢ ᠪᠡᠷ ᠰᠢᠢᠳᠭᠦ ᠵᠦᠢᠯ᠂ ᠬᠤᠷᠠᠯᠳᠠᠢ ᠶᠢᠨ ᠲᠦᠷᠢᠮ ᠤᠨ ᠣᠨᠴᠠᠯᠢᠭ ᠵᠡᠷᠭᠡ ᠠᠭᠤᠯᠭ ᠠ ᠵᠢ ᠦᠭᠦᠯᠡᠨ ᠲᠣᠭᠠᠴᠠᠪᠡ᠃ |