论文信息


题名 ᠢᠰᠢᠲᠠᠨᠽᠠᠨᠸᠠᠩᠵᠠᠯ ᠤᠨ ᠰᠢᠯᠦᠭ ᠡᠴᠡ ᠲᠡᠭᠦᠨ ᠦ ᠪᠤᠷᠤᠭᠵᠢᠭᠤᠨ ᠬᠤᠪᠢᠰᠤᠩ᠋ᠭᠤᠢ ᠠᠷᠭ᠎ᠠ ᠶᠢ ᠮᠦᠴᠢᠳᠭᠡᠨ ᠦᠭᠦᠯᠡᠬᠦ ᠨᠢ
作者 ᠤᠶᠤᠨᠬᠡᠰᠢᠭ᠌
关键词 ᠢᠰᠢᠲᠠᠨᠽᠠᠨᠸᠠᠩᠵᠠᠯ; ᠪᠤᠷᠤᠭᠵᠢᠭᠤᠨ ᠪᠤᠳᠠᠰᠴᠢ ᠦᠵᠡᠯ; ᠪᠤᠷᠤᠵᠢᠭᠤᠨ ᠬᠤᠪᠢᠰᠤᠩ᠋ᠭᠤᠢ ᠠᠷᠭ᠎ᠠ
摘要 ᠢᠰᠢᠲᠠᠨᠽᠠᠨᠸᠠᠩᠵᠠᠯ 19᠋ ᠳᠦᠭᠡᠷ ᠵᠠᠭᠤᠨ ᠤ ᠳᠤᠮᠳᠠᠴᠢ ᠠᠴᠠ 20᠋ ᠳᠤᠭᠠᠷ ᠵᠠᠭᠤᠨ ᠤ ᠡᠬᠢᠨ ᠦ ᠦᠶ᠎ᠡ ᠶᠢᠨ ᠮᠣᠩ᠋ᠭᠤᠯ ᠦᠨᠳᠦᠰᠦᠲᠡᠨ ᠦ ᠭᠠᠷᠮᠠᠭᠠᠢ ᠰᠢᠯᠦᠭᠴᠢᠨ᠂ ᠪᠤᠳᠤᠯᠭᠠᠲᠠᠨ ᠪᠤᠯᠤᠭᠰᠠᠨ ᠤ ᠬᠤᠪᠢ ᠳᠤ᠂ ᠰᠢᠯᠦᠭ ᠲᠡᠭᠡᠨ ᠶᠢᠷᠲᠢᠨᠴᠦ ᠨᠢ ᠪᠤᠳᠠᠲᠠᠢ ᠬᠡᠳᠦᠨ ᠵᠤᠢ᠌ᠯ ᠤᠨ ᠪᠤᠳᠠᠰ ᠠᠴᠠ ᠪᠦᠷᠢᠯᠳᠦᠭᠰᠡᠨ ᠪᠦᠭᠡᠳ ᠲᠠᠰᠤᠷᠠᠯᠲᠠ ᠦᠭᠡᠢ ᠬᠦᠳᠡᠯᠵᠦ ᠬᠤᠪᠢᠷᠠᠵᠤ ᠪᠠᠢ᠌ᠳᠠᠭ᠃ ᠶᠢᠷᠲᠢᠨᠴᠦ ᠶᠢᠨ ᠠᠯᠢᠪᠠ ᠬᠡᠷᠡᠭ ᠪᠤᠳᠠᠰ᠂ ᠦᠵᠡᠭᠳᠡᠯ ᠨᠢ ᠬᠠᠷᠢᠯᠴᠠᠨ ᠬᠠᠷᠢᠴᠠᠭ᠎ᠠ ᠬᠤᠯᠪᠤᠭ᠎ᠠ ᠲᠠᠢ ᠪᠦᠭᠡᠳ ᠦᠪᠡᠷ ᠦᠨ ᠵᠢᠮ᠎ᠡ ᠶᠤᠰᠤ ᠲᠠᠢ ᠪᠠᠢ᠌ᠳᠠᠭ᠂ ᠬᠦᠮᠦᠨ ᠦᠪᠡᠷ ᠦᠨ ᠪᠡᠶᠡᠴᠢ ᠴᠢᠳᠠᠮᠠᠭᠠᠢ ᠴᠢᠨᠠᠷ ᠢᠶᠠᠨ ᠪᠠᠳᠠᠷᠠᠭᠤᠯᠬᠤ ᠳᠤ ᠪᠤᠰᠤᠳᠴᠢ ᠵᠢᠮ᠎ᠡ ᠶᠤᠰᠤ ᠪᠠᠷ ᠠᠵᠢᠯᠯᠠᠬᠤ ᠬᠡᠷᠡᠭᠲᠡᠢ ᠪᠦᠭᠡᠳ ᠠᠯᠢᠪᠠ ᠪᠦᠬᠦᠨ ᠳᠦ ᠪᠤᠳᠠᠳᠠᠢ ᠠᠴᠠ ᠡᠭᠦᠰᠬᠦ ᠬᠡᠷᠡᠭᠲᠡᠢ ᠭᠡᠰᠡᠨ ᠬᠤᠪᠢᠰᠤᠩ᠋ᠭᠤᠢ ᠦᠵᠡᠯ ᠰᠠᠨᠠᠭ᠎ᠠ ᠶᠢ ᠠᠬᠤᠭᠤᠯᠤᠭᠰᠠᠨ ᠪᠠᠢ᠌ᠨ᠎ᠠ᠃ ᠢᠰᠢᠲᠠᠨᠽᠠᠨᠸᠠᠩᠵᠠᠯ ᠤᠨ ᠪᠤᠷᠤᠭᠵᠢᠭᠤᠨ ᠪᠤᠳᠠᠰᠴᠢ ᠦᠵᠡᠯ ᠪᠤᠯᠤᠨ ᠪᠤᠷᠤᠭᠵᠢᠭᠤᠨ ᠬᠤᠪᠢᠰᠤᠩ᠋ᠭᠤᠢ ᠠᠷᠭ᠎ᠠ ᠨᠢ ᠲᠤᠬᠠᠢ ᠶᠢᠨ ᠦᠶ᠎ᠡ ᠶᠢᠨ ᠮᠣᠩ᠋ᠭᠤᠯᠴᠤᠳ ᠤᠨ ᠳᠤᠮᠳᠠ ᠮᠠᠰᠢ ᠢᠳᠡᠪᠬᠢ ᠦᠢᠯᠡᠳᠦᠯ ᠦᠵᠡᠭᠦᠯᠦᠭᠰᠡᠨ ᠶᠤᠮ᠃
原文 查看原文
出自 中国蒙古学 2014年 第2期

联系我们


内蒙古大学图书馆
呼和浩特市大学西路235号
中国·内蒙古
P: (0471) 4992561
E: huangfeilong@imu.edu.cn