摘要 |
ᠠᠷᠪᠢᠯᠠᠨ ᠭᠠᠮᠨᠠᠬᠤ ᠵᠢ ᠡᠷᠬᠢᠮᠯᠡᠨ᠂ ᠪᠦᠷᠢᠯᠭᠡᠨ ᠰᠦ᠋ᠢᠳᠭᠡᠬᠦ ᠵᠢ ᠡᠰᠡᠷᠬᠦᠴᠡᠬᠦ ᠪᠤᠯ ᠠᠯᠢᠪᠠ ᠴᠠᠭ ᠦᠶ᠎ᠡ᠂ ᠠᠯᠢᠪᠠ ᠤᠯᠤᠰ ᠦᠨᠳᠤᠰᠤᠳᠡᠨ ᠳᠤ ᠨᠡᠢᠳᠡᠯᠢᠭ ᠪᠠᠢ᠋ᠬᠤ ᠵᠤᠷᠢᠯᠳᠠ᠂ ᠬᠦᠮᠦᠨ ᠪᠦᠬᠦᠨ ᠬᠦᠯᠢᠶᠠᠨ ᠵᠦᠪᠰᠢᠶᠡᠷᠡᠬᠦ ᠦᠷᠳᠡᠭ ᠤᠨ ᠬᠡᠯᠪᠡᠷᠢᠰᠢᠯ ᠪᠤᠯᠤᠨ᠎ᠠ᠃《ᠨᠠᠷᠢᠨ ᠭᠤᠷᠤᠬ᠎ᠠ ᠨᠠᠮᠢᠶᠠᠨ ᠤᠷᠤᠰᠬᠤ》ᠮᠡᠳᠤ ᠠᠷᠪᠢᠯᠡᠨ ᠠᠮᠢᠳᠤᠷᠬᠠᠤ ᠪᠤᠯ ᠲᠤᠮᠳᠠᠳᠤ ᠶᠢᠨ ᠦᠨᠳᠤᠰᠤᠳᠡᠨ ᠤ ᠰᠠᠢ᠋ᠬᠠᠨ ᠰᠤᠷᠳᠠᠯ ᠶᠤᠮ᠃ ᠮᠤᠩᠭ᠋ᠤᠯᠴᠤᠳ ᠤᠳᠤᠷᠯᠠᠨ ᠮᠠᠯᠵᠢᠬᠤ ᠦᠨᠳᠤᠰᠤᠳᠡᠨ ᠪᠤᠯᠤᠭᠰᠠᠨ ᠤ ᠬᠤᠪᠢ ᠳᠤ᠂ ᠲᠡᠭᠦᠨ ᠤ ᠦᠢᠯᠡᠳᠪᠤᠷᠢᠯᠡᠯ ᠤᠨ ᠠᠷᠭ᠎ᠠ ᠮᠠᠶᠢᠭ ᠪᠤᠯᠤᠨ ᠠᠮᠢᠳᠤᠷᠠᠯ ᠤᠨ ᠬᠡᠪ ᠰᠤᠷᠳᠠᠯ ᠤᠨ ᠲᠤᠰ ᠪᠡᠶ᠎ᠡ ᠨᠢ ᠲᠠᠷᠤᠢ ᠲᠦᠷᠦᠯᠬᠢ ᠶᠢᠨ ᠨᠤᠭᠤᠭᠠᠨ᠂ ᠪᠤᠬᠢᠷᠳᠡᠯ ᠦᠬᠡᠢ ᠪᠤᠷᠤᠭᠵᠢᠭᠤᠨ ᠪᠠᠢ᠋ᠳᠠᠭ᠃ ᠲᠤ ᠸᠠᠩ ᠤᠨ ᠠᠷᠪᠢᠯᠠᠠ ᠭᠠᠮᠨᠠᠬᠤ ᠲᠤᠬᠠᠢ ᠦᠵᠡᠯ ᠰᠠᠨᠠᠭ᠎ᠠ ᠪᠤᠯ ᠮᠤᠩᠭ᠋ᠤᠯᠴᠤᠳ ᠤᠨ ᠡᠨᠡ ᠲᠠᠯ᠎ᠠ ᠶᠢᠨ ᠰᠢᠯᠢᠳᠡᠭ ᠰᠤᠷᠳᠠᠯ ᠤᠨ ᠤᠯᠠᠮᠵᠢᠯᠠᠯ ᠪᠤᠯᠬᠤ ᠪᠦᠭᠡᠳ ᠮᠦᠨ ᠴᠦ ᠲᠡᠷᠡ ᠦᠶ᠎ᠡ ᠶᠢᠨ ᠶᠢᠡᠨ ᠨᠠᠢ᠋ᠭᠡᠮ ᠤᠨ ᠲᠠᠪᠰᠢᠩᠭ᠋ᠤᠢ ᠵᠤᠷᠢᠭ ᠰᠠᠨᠠᠭᠠᠨ ᠤ ᠢᠯᠡᠷᠡᠯ ᠪᠤᠯᠤᠨ᠎ᠠ᠃ ᠲᠡᠷᠡ ᠦᠢᠯᠡᠳᠪᠤᠷᠢᠯᠡᠯ᠂ ᠬᠡᠷᠡᠭᠯᠡᠭᠡ ᠪᠤᠯᠤᠨ ᠴᠠᠭ ᠤᠨ ᠲᠠᠯ᠎ᠠ ᠪᠡᠷ ᠠᠷᠪᠢᠯᠡᠨ ᠭᠠᠮᠨᠠᠬᠤ ᠦᠵᠡᠯ ᠲᠤᠷᠠᠳᠤᠨ ᠭᠠᠷᠭᠠᠭᠰᠠᠨ ᠪᠠᠢ᠋ᠨ᠎ᠠ᠃ |