摘要 |
ᠮᠤᠩᠭ᠋ᠤᠯ ᠠᠷᠠᠳ ᠤᠨ ᠦᠯᠢᠭᠡᠷ ᠤᠨ ᠪᠠᠶᠠᠨ ᠰᠠᠩ ᠳ᠋ᠡᠬᠢ ᠨᠢᠭᠡᠨ ᠭᠡᠷᠡᠯᠳᠦ ᠰᠤᠪᠤᠳ ᠪᠤᠯ ᠮᠤᠩᠭ᠋ᠤᠯ ᠰᠡᠴᠡᠨ ᠪᠡᠷᠢ ᠶᠢᠨ ᠦᠯᠢᠭᠡᠷ ᠪᠤᠯᠤᠨ᠎ᠠ᠃ ᠲᠡᠷᠡ ᠨᠢ ᠮᠤᠩᠭ᠋ᠤᠯ ᠠᠷᠠᠳ ᠲᠦᠮᠡᠨ ᠤ ᠦᠢᠯᠡᠳᠪᠦᠷᠢᠯᠡᠯ ᠠᠮᠢᠳᠤᠷᠠᠯ ᠤᠨ ᠬᠦᠷᠦᠰᠦᠨ ᠲᠡᠭᠡᠷ᠎ᠡ ᠰᠤᠶᠤᠭᠠᠯᠠᠨ ᠤᠷᠭᠤᠵᠤ᠂ ᠦᠶ᠎ᠡ ᠲᠠᠮᠵᠢᠨ ᠤᠯᠠᠮᠵᠢᠯᠠᠭᠳᠠᠵᠤ ᠢᠷᠡᠬᠦ ᠳ᠋ᠭᠡᠨ ᠦᠪᠡᠷ ᠤᠨ ᠭᠡᠰᠡᠨ ᠤᠨᠴᠠᠯᠢᠭ ᠰᠢᠨᠵᠢ ᠪᠠ ᠲᠡᠦᠬᠡᠨ ᠤᠯᠪᠠᠭ᠎ᠠ ᠲᠠᠢ ᠪᠠᠢ᠌ᠳᠠᠭ᠃ ᠲᠠᠷᠤᠢ ᠮᠤᠩᠭ᠋ᠤᠯ ᠰᠡᠴᠡᠨ ᠪᠡᠷᠢ ᠶᠢᠨ ᠦᠯᠢᠭᠡᠷ ᠤᠨ ᠪᠤᠢ ᠪᠤᠯᠬᠤ ᠳᠤ ᠡᠬᠡᠴᠢᠯᠡᠯ ᠤᠨ ᠨᠡᠢ᠌ᠭᠡᠮ ᠤᠨ ᠤᠯᠠᠮᠵᠢᠯᠠᠯᠳᠤ ᠰᠤᠷᠳᠠᠯ ᠤᠨ ᠤᠯᠠ ᠮᠦᠷ ᠨᠢ ᠦᠵᠡᠯ ᠰᠠᠨᠠᠭᠠᠨ ᠤ ᠠᠷᠤ ᠲᠦᠰᠢᠭ ᠪᠤᠯᠵᠤ᠂ ᠮᠤᠩᠭ᠋ᠤᠯᠴᠤᠳ ᠤᠨ ᠤᠯᠠᠮᠵᠢᠯᠠᠯᠳᠤ ᠭᠡᠷ ᠤᠨ ᠰᠤᠷᠭᠠᠯ ᠳᠤ ᠦᠨᠳᠦᠰᠦᠯᠡᠨ᠂ ᠮᠠᠯᠴᠢᠨ ᠠᠷᠠᠳ ᠤᠨ ᠰᠡᠳᠭᠢᠯ ᠳ᠋ᠡᠬᠢ ᠠᠬᠤᠢ ᠶᠢᠨ ᠪᠠ ᠬᠦᠰᠡᠯᠡᠩᠳᠦ ᠡᠮᠡᠭᠳᠡᠢ᠌ᠴᠦᠳ ᠤᠨ ᠲᠦᠷᠢ ᠳᠤ ᠰᠠᠭᠤᠷᠢᠯᠠᠨ ᠪᠤᠢ ᠪᠤᠯᠤᠭᠰᠠᠨ ᠶᠤᠮ᠃ |