论文信息


题名 ᠮᠠᠯᠵᠢᠯ ᠠᠮᠢᠳᠤᠷᠠᠯ ᠲᠠᠢ ᠬᠤᠯᠪᠤᠭᠳᠠᠭᠰᠠᠨ ᠴᠡᠭᠡᠷ ᠨᠠᠷᠡᠢᠳᠤᠯ ᠬᠢᠭᠡᠳ ᠮᠤᠩᠭᠤᠯᠴᠤᠳ ᠤᠨ ᠰᠤᠶᠤᠯ ᠰᠡᠳᠬᠢᠬᠦᠢ
作者 ᠭᠠᠯᠰᠠᠩ; ᠰᠤᠷᠤᠨ᠎ᠠ
关键词 ᠮᠤᠩᠭᠤᠯᠴᠤᠳ; ᠮᠠᠯᠵᠢᠯ ᠴᠡᠭᠡᠷ ᠨᠠᠷᠡᠢᠳᠤᠯ; ᠰᠤᠶᠤᠯ ᠰᠡᠳᠬᠢᠬᠦᠢ
摘要 ᠮᠤᠩᠭᠤᠯᠴᠤᠳ ᠡᠷᠳᠡᠨ ᠡᠴᠨ ᠠᠪᠤᠭᠠᠳ ᠮᠤᠩᠭᠤᠯ ᠤᠨ ᠦᠨᠳᠤᠷᠯᠢᠭ᠌ ᠲᠤ ᠰᠠᠭᠤᠷᠢᠰᠢᠵᠦ᠂ ᠴᠠᠭ ᠠᠭᠠᠷ᠂ ᠪᠠᠢᠭᠠᠯᠢ ᠶᠢᠨ ᠨᠦᠬᠦᠴᠡᠯ ᠪᠠᠢᠳᠠᠯ ᠢ ᠦᠨᠳᠤᠰᠤᠯᠡᠨ ᠨᠡᠬᠦᠳᠡᠯ ᠤᠨ ᠮᠠᠯ ᠠᠵᠦ ᠠᠬᠤᠢ ᠡᠷᠬᠢᠯᠡᠬᠦ ᠪᠡᠷ ᠭᠤᠤᠯ ᠪᠤᠯᠭᠠᠵᠦ᠂ ᠲᠠᠪᠤᠨ ᠬᠤᠰᠢᠭᠤ ᠮᠠᠯ ᠰᠦᠷᠦᠭ ᠢ ᠦᠰᠭᠡᠨ ᠦᠷᠡᠵᠢᠭᠦᠯᠵᠦ ᠠᠮᠢᠳᠤᠷᠠᠯ ᠤᠨ ᠬᠡᠷᠡᠭᠴᠡᠭᠡ ᠪᠠᠨ ᠬᠠᠩᠭᠠᠭᠰᠠᠭᠠᠷ ᠢᠷᠡᠵᠡᠢ᠃ ᠪᠠᠯᠠᠷ ᠡᠷᠳᠡᠨ ᠤ ᠦᠶ᠎ᠡ ᠡᠴᠨ ᠮᠤᠩᠭᠤᠯ ᠤᠨ ᠦᠨᠳᠤᠷᠯᠢᠭ᠌ ᠤᠨ ᠤᠢ ᠰᠢᠭᠤᠢ᠂ ᠲᠠᠯ᠎ᠠ ᠨᠤᠳᠤᠭ ᠲᠤ ᠵᠡᠷᠯᠢᠭ ᠠᠮᠢᠳᠠᠨ ᠲᠤᠢᠯ ᠤᠨ ᠤᠯᠠᠨ ᠶᠢᠡᠷ ᠰᠦᠷᠦᠭᠯᠡᠨ ᠠᠮᠢᠳᠤᠷᠠᠵᠦ ᠪᠠᠢᠭᠰᠠᠨ ᠪᠦᠭᠡᠳ ᠮᠤᠩᠭᠤᠯᠴᠤᠳ ᠵᠠᠷᠢᠮ ᠵᠡᠷᠯᠢᠭ ᠠᠳᠤᠭᠤᠰᠤ ᠠᠮᠢᠳᠠᠨ ᠢ ᠭᠠᠷᠰᠢᠭᠤᠯᠵᠦ ᠭᠡᠷ ᠤᠨ ᠲᠡᠵᠢᠬᠡᠪᠤᠷᠢ ᠪᠤᠯᠭᠠᠵᠦ ᠢᠳᠡᠵᠦ ᠤᠤᠭᠤᠬᠤ᠂ ᠡᠮᠦᠰᠬᠦ ᠵᠡᠬᠦᠬᠦ ᠪᠡ ᠤᠨᠤᠯᠭ᠎ᠠ ᠴᠢᠷᠦᠯᠭᠡ ᠵᠠᠷᠭᠡ ᠳᠤ ᠬᠡᠷᠡᠭᠯᠡᠵᠦ᠂ ᠪᠤᠳᠠᠰ ᠤᠨ ᠰᠤᠶᠤᠯ ᠳ᠋ᠠᠭᠠᠨ ᠦᠢᠯᠡᠴᠢᠯᠡᠬᠦᠯᠵᠦ᠂ᠨᠠᠢᠭᠡᠮ ᠤᠨ ᠠᠵᠦ ᠠᠬᠤᠢ᠂ ᠠᠮᠢᠳᠤᠷᠠᠯ ᠤᠨ ᠴᠢᠬᠤᠯᠠ ᠬᠠᠩᠭᠠᠯᠳᠠ ᠪᠠᠨ ᠪᠤᠯᠭᠠᠳᠠᠭ᠃ ᠠᠢᠮᠦ ᠤᠴᠢᠷ ᠡᠴᠨ ᠨᠡᠬᠦᠳᠡᠯᠴᠢᠨ ᠮᠠᠯ ᠠᠵᠦ ᠠᠬᠤᠢ ᠪᠠᠷ ᠠᠯᠳᠠᠷᠰᠢᠭᠰᠠᠨ ᠮᠤᠩᠭᠤᠯ ᠤᠨ ᠤᠶᠤᠨ ᠤ ᠰᠤᠶᠤᠯ ᠢ ᠠᠪᠴᠦ ᠰᠢᠨᠵᠢᠬᠦ ᠳ᠋ᠡᠭᠡᠨ᠂ ᠡᠷᠳᠡ ᠲᠡᠭᠡᠷ᠎ᠡ ᠦᠶ᠎ᠡ ᠡᠴᠨ ᠤᠯᠠᠮᠵᠢᠯᠠᠵᠦ ᠡᠷᠬᠢᠯᠡᠭᠰᠡᠨ ᠲᠠᠪᠤᠨ ᠬᠤᠰᠢᠭᠤ ᠮᠠᠯ ᠤᠨ ᠲᠤᠬᠠᠢ ᠪᠠᠯᠠᠷᠯᠢᠭ ᠰᠢᠳᠤᠭᠡᠨ ᠪᠦᠬᠦᠢ ᠴᠡᠭᠡᠷ ᠨᠢ ᠠᠷᠠᠳ ᠤᠨ ᠠᠮᠠᠨ ᠵᠤᠬᠢᠶᠠᠯ ᠳᠤ ᠶᠡᠭᠡᠭᠡᠨ ᠲᠤᠰᠬᠠᠭᠳᠠᠭᠰᠠᠨ ᠪᠦᠭᠡᠳ ᠪᠠᠯᠠᠷ ᠡᠷᠳᠡᠨ ᠤ ᠲᠦᠰᠦᠭᠡᠯᠡᠯ ᠢ ᠬᠠᠳᠠᠭᠠᠯᠠᠨ ᠢᠷᠡᠭᠰᠡᠨ ᠪᠠᠢᠨ᠎ᠠ᠃
原文 查看原文
出自 中国蒙古学 2014年 第6期

联系我们


内蒙古大学图书馆
呼和浩特市大学西路235号
中国·内蒙古
P: (0471) 4992561
E: huangfeilong@imu.edu.cn