摘要 |
13᠋ ᠳᠤᠭᠠᠷ ᠵᠠᠭᠤᠨ ᠤ ᠡᠬᠢ ᠪᠡᠷ ᠮᠣᠩ᠋ᠭᠤᠯᠴᠤᠳ ᠶᠡᠬᠡ ᠬᠡᠪᠴᠢᠶᠡᠨ ᠦ ᠦᠷᠭᠡᠳᠭᠡᠯ ᠬᠢᠵᠦ᠂ ᠠᠽᠢᠶ᠎ᠠ ᠡᠸᠦ᠋ᠷᠦᠫᠡ ᠶᠢᠨ ᠡᠬᠡ ᠬᠠᠭᠤᠷᠠᠢ ᠶᠢᠨ ᠶᠡᠬᠡᠩᠬᠢ ᠬᠡᠰᠡᠭ ᠭᠠᠵᠠᠷ ᠣᠷᠤᠨ ᠢ ᠡᠵᠡᠯᠡᠭᠰᠡᠨ ᠲᠤᠮᠤ ᠬᠠᠭᠠᠨᠲᠤ ᠤᠯᠤᠰ ᠪᠤᠯᠵᠤ ᠪᠦᠷᠢᠯᠳᠦᠪᠡ᠃ ᠡᠵᠡᠯᠡᠭᠳᠡᠭᠰᠡᠨ ᠭᠠᠵᠠᠷ ᠣᠷᠤᠨ ᠳᠠᠬᠢ ᠨᠤᠶᠠᠷᠬᠠᠯ ᠨᠢ ᠨᠢᠭᠡᠳ ᠨᠢᠭᠡ ᠪᠡᠷ ᠨᠤᠷᠠᠬᠤ ᠶᠢᠨ ᠳᠠᠭᠠᠤ ᠮᠣᠩ᠋ᠭᠤᠯᠴᠤᠳ ᠴᠤ ᠲᠤᠬᠠᠢ ᠶᠢᠨ ᠭᠠᠵᠠᠷ ᠣᠷᠤᠨ ᠤ ᠦᠨᠳᠦᠰᠦᠲᠡᠨ ᠦ ᠳᠤᠲᠤᠷ᠎ᠠ ᠢᠵᠢᠯᠰᠢᠨ ᠬᠠᠢ᠌ᠯᠤᠭᠳᠠᠪᠠ᠃ ᠦᠭᠦᠯᠡᠯ ᠳᠦ ᠦᠨᠳᠦᠰᠦᠲᠡᠨ ᠦ ᠲᠡᠦᠬᠡ ᠶᠢᠨ ᠰᠤᠳᠤᠯᠤᠯ ᠤᠨ ᠡᠭᠦᠳᠡᠨ ᠡᠴᠡ ᠡᠢ᠌ᠮᠦᠷᠭᠦᠦ ᠢᠵᠢᠯᠰᠢᠨ ᠬᠠᠢ᠌ᠯᠤᠭᠳᠠᠭᠰᠠᠨ ᠨᠦᠬᠦᠴᠡᠯ ᠰᠢᠯᠲᠠᠭᠠᠨ ᠢ ᠵᠠᠳᠠᠯᠬᠤ ᠶᠢᠨ ᠳᠠᠭᠠᠤ ᠮᠣᠩ᠋ᠭᠤᠯᠴᠤᠳ ᠤᠨ ᠶᠡᠬᠡ ᠬᠡᠪᠴᠢᠶᠡᠨ ᠦ ᠦᠷᠭᠡᠳᠭᠡᠯ ᠨᠢ ᠮᠠᠨᠳᠤᠯ ᠠᠴᠠ ᠪᠠᠨ ᠪᠠᠭᠤᠷᠠᠲᠠ ᠵᠦᠭ ᠬᠠᠨᠳᠤᠭᠰᠠᠨ ᠤ ᠴᠢᠬᠤᠯᠠ ᠨᠢᠭᠡᠨ ᠰᠢᠯᠲᠠᠭᠠᠨ ᠪᠤᠯᠤᠨ᠎ᠠ ᠭᠡᠬᠦ ᠦᠵᠡᠯᠲᠡ ᠶᠢ ᠳᠡᠪᠰᠢᠭᠦᠯᠪᠡ᠃ |